ᠬᠤᠷᠤᠢ ᠬᠤᠷᠤᠢ - ᠲ ᠂ ᠭᠣᠮᠪᠣᠵᠠᠪ Хурай хурай - Т᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠷᠤᠢ ᠬᠤᠷᠤᠢ - ᠲ ᠂ ᠭᠣᠮᠪᠣᠵᠠᠪ Хурай хурай - Т᠂ Гомбожав

ᠬᠤᠷᠤᠢ ᠬᠤᠷᠤᠢ - ᠲ ᠂ ᠭᠣᠮᠪᠣᠵᠠᠪ Хурай хурай - Т᠂ Гомбожав

2023-04-27

245

ᠬᠤᠷᠤᠢ ᠬᠤᠷᠤᠢ


         ᠲ ᠂  ᠭᠣᠮᠪᠣᠵᠠᠪ 

ᠠᠭᠤᠯᠠᠨ ᠣᠷᠣᠢ ᠳ᠋ᠦ᠍ ᠭᠠᠷᠤᠯ᠎ᠠ  
ᠣᠨ ᠪ ᠤᠲᠠᠭᠠᠨ ᠳ᠋ᠦ᠍ ᠴᠢᠯᠠᠭᠤᠵᠢᠬᠰᠠᠨ  
ᠣᠩᠭᠣᠨ ᠪᠤᠭᠤᠷᠤᠯ ᠡᠬᠡ ᠭᠠᠵᠠᠷ ᠦ᠋ᠨ ᠪᠣᠲᠣᠯ ᠦ᠋ᠨ ᠣᠷᠣᠢ  ᠳ᠋ᠦ᠍ ᠭᠠᠷᠤᠯ᠎ᠠ !  

ᠲᠡᠦᠬᠡ ᠦ᠋ᠨ ᠪᠣᠰᠤᠬ᠋᠎ᠠ ᠨᠢᠲᠦ 
ᠲᠩᠷᠢ ᠠᠵᠢᠬᠰᠠᠨ ᠬᠠᠲᠠᠳ ᠦ᠋ᠨ ᠰᠥᠷᠦᠭ
    ᠡᠨᠡ ᠠᠭᠤᠯᠠ ᠥᠨᠲᠥᠷ ᠪᠠᠶ᠋ᠢᠨ᠎ᠠ 

ᠠᠮᠢᠲᠤᠷᠠᠯ ᠦ᠋ᠨ ᠵᠣᠭᠰᠣᠬ᠋᠎ᠠ ᠮᠥᠷ
ᠵᠢᠭᠦᠷ ᠶ᠋ᠢᠡᠨ ᠬᠤᠮᠢᠬᠰᠠᠨ ᠪᠦᠷᠭᠦᠳ ᠦ᠋ᠨ ᠰᠢᠭᠤᠢ
     ᠡᠷᠡᠭᠴᠢᠨ ᠰᠦᠷ ᠶᠡᠬᠡᠮᠰᠦᠭ ᠪᠠᠶ᠋ᠢᠨ᠎ᠠ 

ᠣᠷᠣᠨ ᠴᠠᠭ ᠦ᠋ᠨ ᠠᠭᠤᠲᠠᠮᠬᠠᠨ ᠵᠠᠢ
     ᠡᠨᠡ ᠠᠭᠤᠯᠠᠨ  ᠳ᠋ᠦ᠍ ᠨᠠᠷᠠ ᠦᠲᠡ ᠪᠣᠯᠤᠭᠠᠲᠤᠢ ᠡ
ᠣᠨ ᠡᠲᠦᠷ ᠦ᠋ᠨ ᠲᠣᠮᠣᠬᠠᠨ ᠴᠣᠩᠬᠣ
   ᠡᠨᠡ ᠪᠠᠶ᠋ᠢᠷᠢᠨ ᠳ᠋ᠦ᠍ ᠬᠥᠮᠦᠨ ᠤᠬᠠᠬ᠋᠎ᠠ ᠭᠦᠢᠴᠡᠭᠡᠲᠦᠢ ᠡ 

ᠡᠨᠲᠡ
   ᠲᠡᠷᠭᠡᠯ ᠰᠠᠨᠠᠵᠤ ᠪᠥᠮᠪᠥᠷᠢᠭᠰᠡᠨ ᠰᠠᠷᠠᠨ ᠪ
   ᠲᠡᠷᠭᠡᠯᠵᠡᠡᠭᠡ ᠦᠭᠡᠢ ᠮᠥᠷ ᠴᠢᠯᠠᠭᠤ ᠭᠢᠰᠬᠢᠵᠦ ᠬᠠᠷᠠᠭᠲᠠᠨ᠎ᠠ
ᠡᠨᠲᠡ
  ᠠᠩ ᠬᠦᠰᠡᠵᠦ ᠬᠡᠭᠡᠷᠡᠯᠡᠭᠰᠡᠨ ᠬᠥᠮᠦᠨ ᠪ
  ᠠᠯᠠᠬ᠋᠎ᠠ ᠳᠤᠨᠳᠠᠭᠤᠷ ᠰᠡᠤᠠᠬᠢᠯ ᠬᠠᠲᠠ ᠥᠭᠰᠥᠵᠦ ᠦᠵᠡᠭᠳᠡᠨ᠎ᠡ

ᠡᠨᠲᠡ ᠡᠴᠡ ᠡᠭᠦᠯᠡ ᠤᠷᠭᠤᠨ᠎ᠠ
ᠡᠭᠦᠯᠡ ᠨᠢ ᠡᠷ᠎ᠡ ᠶ᠋ᠢᠨ ᠪᠣᠲᠣᠯ  ᠳ᠋ᠦ᠍
ᠦᠨᠢᠲᠡ ᠬᠣᠯᠠ ᠶ᠋ᠢᠨ ᠦᠯᠢᠭᠡᠷ ᠰᠢᠪᠡᠨᠡᠵᠦ ᠱᠠᠭᠢᠨ᠎ᠠ 

ᠡᠨᠲᠡ ᠡᠴᠡ ᠰᠠᠯᠬᠢ ᠪᠣᠰᠤᠨ᠎ᠠ
ᠰᠠᠯᠬᠢ ᠨᠢ ᠬᠥᠮᠦᠨ ᠪ ᠬᠦᠰᠡᠯ ᠊ᠢ
ᠰᠠᠨᠴᠢᠬ ᠪᠤᠭᠤᠷᠤᠯ ᠤᠬᠠᠭᠠᠨ ᠶ᠋ᠢᠠᠷ ᠰᠠᠮᠨᠠᠵᠤ ᠱᠤᠤᠭᠢᠨ᠎ᠠ 

ᠡᠨᠡ ᠂ ᠡᠭᠦᠯᠡ ᠰᠠᠯᠬᠢ
     ᠦᠯᠮᠡᠢ ᠡᠷᠭᠦᠬᠦ ᠭᠠᠷ ᠪᠠᠶ᠋ᠢᠵᠠᠢ
ᠮᠢᠨᠦ ᠵᠣᠭᠰᠣᠴᠠ ᠥᠨᠲᠥᠷᠯᠡᠯ᠎ᠡ ! 

ᠡᠨᠡ ᠂ ᠦᠯᠢᠭᠡᠷ ᠤᠬᠠᠭᠠᠨ
    ᠬᠠᠷᠠᠬ᠋᠎ᠠ ᠳᠡᠯᠡᠬᠦ ᠬᠦᠴᠦ ᠪᠠᠶ᠋ᠢᠵᠠᠢ
ᠮᠢᠨᠦ ᠬᠠᠷᠠᠴᠠ ᠬᠣᠯᠠᠲᠠᠯ᠎ᠠ ! 

ᠣᠷᠣᠢ ᠳᠡᠭᠡᠷ᠎ᠡ ᠮᠢᠨᠢ ᠴᠠᠪ ᠴᠡᠩᠬᠡᠷ
ᠪᠢ ᠂ ᠣᠲᠣᠨ ᠲᠡᠮᠲᠡᠭᠲᠦ ᠮᠠᠯᠠᠭᠠᠢ ᠵᠡᠭᠦᠯ᠎ᠡ
ᠤᠯᠠ ᠶ᠋ᠢᠨ ᠳᠣᠣᠷ᠎ᠠ ᠮᠢᠨᠢ ᠨᠤᠪ ᠨᠤᠭᠤᠭᠠᠨ 
ᠪᠢ ᠂ ᠤᠷᠭᠤᠴᠠ ᠪᠠᠶᠠᠨ ᠬᠠᠩᠭᠠᠢ ᠣᠯᠤᠯ᠎ᠠ 

ᠬᠤᠷᠤᠢ  ᠬᠤᠷᠤᠢ
ᠬᠣᠯᠠ ᠶ᠋ᠢᠨ ᠰᠢᠷ᠎ᠠ ᠡᠯᠡᠰᠦᠨ ᠵᠠᠮ ᠶ᠋ᠢᠠᠷ
ᠬᠣᠨᠣᠭ ᠥᠷᠥᠬᠦ ᠲᠡᠮᠡᠭᠡᠨ ᠴᠤᠪᠤᠬ᠋᠎ᠠ
ᠬᠤᠷᠤᠢ ᠬᠤᠷᠤᠢ
ᠵᠤᠯᠠᠷᠠᠬᠤ ᠨᠠᠮᠤᠷ ᠦ᠋ᠨ ᠰᠡᠷᠢᠭᠦᠨ ᠳᠠᠭᠤᠤ ᠪᠠᠷ 
ᠵᠤᠰᠠᠯᠠᠩ ᠠᠯᠲᠠᠬᠤ ᠣᠲᠣᠷ ᠮᠠᠶ᠋ᠢᠬᠠᠨ
ᠬᠤᠷᠤᠢ ᠬᠤᠷᠤᠢ ᠁ 

ᠠᠭᠤᠯᠠ ᠶ᠋ᠢᠨ ᠥᠨᠲᠥᠷ ᠣᠷᠣᠢ  ᠳ᠋ᠦ᠍
ᠣᠩᠭᠣᠨ ᠪᠤᠭᠤᠷᠤᠯ ᠬᠥᠮᠦᠨ ᠠᠮᠢᠲᠤᠷᠠᠯ ᠦ᠋ᠨ ᠪᠣᠲᠣᠯ ᠦ᠋ᠨ ᠥᠨᠲᠥᠷ ᠣᠷᠣᠢ  ᠳ᠋ᠦ᠍
ᠬᠤᠷᠤᠢ ᠬᠤᠷᠤᠢ ᠂ ᠬᠤᠷᠤᠢ — ᠬᠤᠷᠤᠢ ᠁
                  1986

 ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

     ᠦᠰᠦᠭ ᠠᠮᠢᠯᠠᠭᠤᠯᠤᠭᠰᠠᠨ ᠨᠢ ᠄  ᠪᠠᠭᠠᠲᠤᠷ 
       ᠬᠢᠨᠠᠭᠴᠢ ᠄  ᠴᠣᠯᠮᠣᠨᠲᠤᠶᠠᠭ᠎ᠠ
             2023 ᠂ 4 ᠂ 23 ᠪ ᠡᠲᠦᠷ