ᠦᠨᠢᠶ᠎ᠡ ᠰᠠᠭᠠᠬᠤ ᠶᠢ ᠰᠤᠷᠪᠠ ( ᠬᠡᠯᠡ ᠪᠢᠴᠢᠭ – ᠶᠢᠰᠦᠳᠦᠭᠡᠷ ᠳᠡᠪᠲᠡᠷ) Үнээ саахыг сурав( Хэл бичиг – Есдүгээр дэвтэр) ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠨᠢᠶ᠎ᠡ ᠰᠠᠭᠠᠬᠤ ᠶᠢ ᠰᠤᠷᠪᠠ ( ᠬᠡᠯᠡ ᠪᠢᠴᠢᠭ – ᠶᠢᠰᠦᠳᠦᠭᠡᠷ ᠳᠡᠪᠲᠡᠷ) Үнээ саахыг сурав( Хэл бичиг – Есдүгээр дэвтэр)

ᠦᠨᠢᠶ᠎ᠡ ᠰᠠᠭᠠᠬᠤ ᠶᠢ ᠰᠤᠷᠪᠠ ( ᠬᠡᠯᠡ ᠪᠢᠴᠢᠭ – ᠶᠢᠰᠦᠳᠦᠭᠡᠷ ᠳᠡᠪᠲᠡᠷ) Үнээ саахыг сурав( Хэл бичиг – Есдүгээр дэвтэр)

2023-04-26

288

ᠦᠨᠢᠶ᠎ᠡ ᠰᠠᠭᠠᠬᠤ ᠶᠢ ᠰᠤᠷᠪᠠ


       ᠡᠨᠡ ᠵᠤᠨ ᠤ᠋ ᠠᠮᠠᠷᠠᠯᠲᠠ ᠳ᠋ᠤ᠌ ᠪᠢ ᠬᠥᠳᠡᠭᠡ ᠪᠠᠶ᠋ᠢᠬ᠋᠎ᠠ ᠡᠮᠡᠭᠡ ᠡᠵᠢ ᠶ᠋ᠢᠨ ᠳ᠋ᠡᠭᠡᠨ ᠣᠴᠢᠵᠤ ᠵᠤᠨ ᠤ᠋ ᠠᠮᠠᠷᠠᠯᠲᠠ ᠪᠠᠨ ᠥᠩᠭᠡᠷᠡᠭᠡᠯ᠎ᠡ ᠃  
     ᠵᠤᠨ ᠤ᠋ ᠴᠠᠭ ᠤ᠋ᠨ ᠬᠥᠳᠡᠭᠡ ᠨᠤᠲᠤᠭ ᠤ᠋ᠨ ᠦᠳᠡᠰᠢ ᠲᠡᠶ᠋ᠢᠮᠦ ᠬᠥᠭᠵᠢᠶᠡᠨ ᠲᠡᠢ ᠠᠵᠢ ᠃  
     ᠵᠠᠯᠠᠨ ᠳᠡᠭᠡᠷ᠎ᠡ ᠲᠤᠭᠤᠯ ᠪᠢᠷᠠᠭᠤ ᠲᠣᠭᠯᠠᠲᠠᠯ᠎ᠠ  ᠂ ᠪᠤᠬ᠎ᠠ ᠮᠥᠭᠡᠷᠡᠵᠦ ᠬᠣᠨᠢ ᠢᠮᠠᠭ᠎ᠠ ᠮᠠᠶ᠋ᠢᠯᠠᠨ᠎ᠠ ᠃  ᠡᠮᠡᠭᠡ ᠡᠵᠢ ᠶ᠋ᠢᠨ ᠦᠨᠢᠶ᠎ᠡ ᠰᠠᠭᠠᠬᠤ ᠳᠠᠭᠤᠨ ᠭᠣᠷ ᠭᠣᠷ ᠭᠤᠷᠴᠢᠭᠢᠨᠠᠬᠤ ᠳ᠋ᠤ᠌ ᠵᠦᠯᠭᠡᠨ ᠦ᠌ ᠮᠡᠯᠡᠬᠡᠢ ᠭᠤᠸᠠ ᠭᠤᠸᠠ ᠭᠤᠸᠠᠭᠯᠠᠭᠠᠳ ᠂  ᠬᠥᠳᠡᠭᠡ ᠨᠤᠲᠤᠭ ᠤ᠋ᠨ ᠬᠥᠭᠵᠢᠶᠡᠨᠲᠦ ᠦᠳᠡᠰᠢ ᠦᠨᠡᠬᠡᠷ ᠲᠤᠶ᠋ᠢᠯ ᠤ᠋ᠨ ᠰᠠᠢᠬᠠᠨ ᠲᠠᠭᠠᠯᠠᠮᠵᠢᠲᠠᠢ ᠰᠠᠨᠠᠭᠳᠠᠨ᠎ᠠ ᠃  
     ᠪᠢ ᠣᠷᠣᠢ ᠪᠦᠭᠦᠳᠡ ᠡᠮᠡᠭᠡ ᠡᠵᠢ ᠪᠡᠨ ᠳᠠᠭᠠᠵᠤ ᠦᠨᠢᠶ᠎ᠡ ᠰᠠᠭᠠᠬᠤ ᠶ᠋ᠢ ᠰᠤᠷᠪᠠ ᠃  
     ᠡᠮᠡᠭᠡ ᠡᠵᠢ ᠨᠠᠳᠠ ᠦᠨᠢᠶ᠎ᠡ ᠰᠠᠭᠠᠬᠤ ᠳ᠋ᠤ᠌ ᠠᠯᠢ ᠲᠠᠯ᠎ᠠ ᠳ᠋ᠤᠨᠢ ᠰᠠᠭᠤᠬᠤ ᠂  ᠰᠠᠭᠤᠯᠠᠭ᠎ᠠ ᠪᠠᠨ ᠶᠠᠭᠠᠬᠢᠵᠤ ᠲᠣᠭᠲᠠᠭᠠᠬᠤ ᠂  ᠭᠠᠷ ᠢ᠋ᠶ᠋ᠠᠨ ᠶᠠᠭᠠᠬᠢᠵᠤ ᠬᠥᠳᠡᠯᠭᠡᠬᠦ ᠵᠡᠷᠭᠡ ᠶ᠋ᠢ ᠪᠦᠷ ᠨᠢᠭᠡᠳ ᠨᠢᠭᠡ ᠪᠡᠷ ᠵᠢᠭᠠᠵᠤ ᠥᠭᠭᠦᠭᠡᠳ ᠂  ᠬᠠᠮᠤᠭ ᠤ᠋ᠨ ᠵᠥᠭᠡᠯᠡᠨ ᠬᠥᠬᠥ ᠲᠡᠢ ᠱᠠᠭᠠᠵᠠᠭᠠᠢ ᠠᠯᠠᠭ ᠦᠨᠢᠶ᠎ᠡ ᠶ᠋ᠢ ᠰᠠᠭᠠᠵᠤ ᠰᠤᠷ ᠭᠡᠪᠡ ᠃   
      ᠪᠢ ᠡᠮᠡᠭᠡ ᠡᠵᠢ ᠶ᠋ᠢᠨ ᠵᠢᠭᠠᠭᠰᠠᠨ ᠶᠣᠰᠣᠭᠠᠷ ᠦᠨᠢᠶᠡᠨ ᠦ᠌ ᠪᠡᠨ ᠵᠥᠪ ᠲᠠᠯ᠎ᠠ ᠳ᠋ᠤᠨᠢ ᠴᠣᠮᠴᠣᠶ᠋ᠢᠵᠤ ᠰᠠᠭᠤᠭᠠᠳ ᠰᠠᠭᠤᠯᠠᠭ᠎ᠠ ᠪᠠᠨ ᠡᠪᠦᠳᠦᠭ ᠳᠡᠭᠡᠷ᠎ᠡ ᠪᠡᠨ ᠡᠪᠯᠡᠭᠦᠯᠵᠦ ᠲᠠᠯᠪᠢᠭᠠᠳ ᠦᠨᠢᠶᠡᠨ ᠦ᠌ ᠪᠡᠨ ᠬᠥᠬᠥ ᠶ᠋ᠢ ᠶᠠᠭᠠᠬᠢᠭᠰᠠᠨ ᠴᠤ᠌  ( ᠥᠷᠥᠭᠡᠯᠳᠡᠭᠦᠯᠦᠨ ※  ) ᠰᠢᠪᠲᠤᠷᠴᠤ ᠪᠣᠯᠬᠤ ᠦᠭᠡᠢ ᠭᠡᠳᠡᠭ ᠊ᠢ ᠨᠢ ᠴᠡᠭᠡᠵᠢᠯᠡᠵᠦ ᠂  ᠤᠷᠢᠳᠠᠪᠠᠷ ᠬᠣᠶ᠋ᠢᠲᠤ ᠬᠣᠶᠠᠷ ᠬᠥᠬᠥ ᠶ᠋ᠢ ᠨᠢ ᠬᠣᠶᠠᠷ ᠭᠠᠷ ᠢ᠋ᠶ᠋ᠠᠷ ᠢ᠋ᠶ᠋ᠠᠨ ᠡᠭᠡᠯᠵᠢᠯᠡᠨ ᠰᠢᠪᠲᠤᠷᠬᠤ ᠳ᠋ᠤ᠌ ᠬᠤᠷᠤᠭᠤ ᠨᠤᠭᠤᠳ ᠢ᠋ᠶ᠋ᠠᠨ ᠳᠡᠮᠲᠡᠢ  ᠰᠠᠢᠬᠠᠨ ᠳᠡᠮᠨᠡᠬᠦ ᠶ᠋ᠢ ᠴᠢᠳᠠᠬᠤ ᠦᠭᠡᠢ ᠪᠣᠯᠬᠣᠷ ᠰᠦ ᠨᠢ ᠭᠠᠷᠬᠤ ᠦᠭᠡᠢ ᠂ ᠦᠨᠢᠶ᠎ᠡ ᠬᠥᠯ ᠢ᠋ᠶ᠋ᠡᠨ ᠲᠡᠶ᠋ᠢᠴᠢᠯᠡᠵᠦ ᠵᠠᠶ᠋ᠢᠯᠠᠪᠠ ᠃ 
      ᠬᠠᠵᠠᠭᠤ ᠳ᠋ᠤ᠌ ᠪᠠᠶ᠋ᠢᠬᠰᠠᠠ ᠡᠮᠡᠭᠡ ᠡᠵᠢ ᠰᠠᠨᠳᠤᠷᠤᠨ ᠦᠨᠢᠶ᠎ᠡ ᠶ᠋ᠢ ᠲᠤᠱᠠᠭᠠᠳ ᠨᠠᠳᠠ ᠶ᠋ᠢ ᠳᠠᠬᠢᠵᠤ ᠰᠠᠭ᠎ᠠ ᠭᠡᠪᠡ ᠃  ᠪᠢ ᠬᠥᠬᠥ ᠶ᠋ᠢ ᠨᠢ ᠰᠢᠪᠲᠤᠷᠤᠭᠰᠠᠠ ᠳ᠋ᠤ᠌ ᠪᠠᠰᠠ ᠯᠠ ᠳᠡᠮᠡᠢ ᠰᠦ ᠭᠠᠷᠤᠭᠰᠠᠨ ᠦᠭᠡᠢ ᠃ ᠡᠮᠡᠭᠡ ᠡᠵᠢ ᠨᠠᠳᠠ ᠶ᠋ᠢ《 ᠬᠦᠴᠦᠲᠡᠢ ᠰᠢᠪᠲᠤᠷᠠ 》 ᠭᠡᠪᠡ ᠃ ᠪᠢ 《 ᠬᠦᠴᠦᠲᠡᠢ ᠰᠢᠪᠲᠤᠷᠪᠠᠯ ᠬᠥᠬᠥ ᠨᠢ ᠡᠪᠡᠳᠬᠦ ᠦᠭᠡᠢ ‍ᠤᠤ  ? 》 ᠭᠡᠰᠡᠨ ᠳ᠋ᠦ᠍ 《 ᠵᠦᠭᠡᠷ ᠂  ᠵᠦᠭᠡᠷ ᠂  ᠴᠢᠨᠦ ᠭᠠᠷ ᠪᠠᠶ᠋ᠢᠲᠤᠭᠠᠢ ᠂ ᠲᠤᠭᠤᠯ ᠤ᠋ᠨ ᠲᠡᠶ᠋ᠢᠮᠦ ᠬᠠᠲᠠᠭᠤ ᠤᠷᠤᠭᠤᠯ ᠪᠤᠶ᠋ᠢᠯᠠ ᠬᠦᠷᠲᠡᠯ᠎ᠡ ᠡᠪᠡᠳᠬᠡᠵᠦ ᠴᠢᠳᠠᠬᠤ ᠦᠭᠡᠢ ᠶᠦ᠍ᠮ ᠰᠢᠦ ! 》 ᠭᠡᠪᠡ ᠃  
      ᠪᠢ ᠦᠨᠡᠬᠡᠷ ᠬᠡᠯᠡᠭᠰᠡᠨ ᠢ᠋ᠶ᠋ᠡᠷ ᠨᠢ ᠬᠦᠴᠦᠲᠡᠢ ᠰᠢᠪᠲᠤᠷᠤᠭᠰᠠᠠ ᠳ᠋ᠤ᠌ ᠰᠦ ᠨᠢ ᠳᠣᠣᠷ᠎ᠠ ᠪᠠᠨ ᠰᠠᠳᠠᠭᠠᠨᠠᠨ ᠭᠠᠷᠴᠤ  ᠰᠠᠭᠤᠯᠠᠭᠠᠨ ᠤ᠋ ᠢᠷᠣᠭᠠᠷ ᠲᠤ᠌ ᠴᠠᠭᠠᠨ ᠵᠢᠷᠤᠭᠠᠰᠤ ᠲᠠᠲᠠᠭᠤᠯᠤᠨ ᠪᠠᠭᠤᠯ᠎ᠠ ᠃   ᠰᠠᠢᠨ ᠰᠠᠭᠠᠭᠠᠷᠠᠢ ᠭᠡᠰᠡᠨ ᠰᠢᠭ ᠦᠨᠢᠶ᠎ᠡ ᠴᠦ᠍ ᠳᠡᠮᠡᠢ ᠬᠥᠳᠡᠯᠬᠦ ᠦᠭᠡᠢ ᠡᠷᠡᠦ ᠪᠡᠨ ᠶᠠᠶ᠋ᠢᠵᠠᠭᠠᠨᠠᠠ ᠠᠮᠤᠷᠯᠢᠩᠭᠤᠢ ᠬᠡᠪᠢᠵᠦ ᠪᠠᠶ᠋ᠢᠪᠠ ᠃  ᠡᠨᠡ ᠮᠡᠲᠦ ᠪᠡᠷ ᠬᠡᠳᠦᠨ ᠣᠷᠣᠢ ᠰᠠᠭᠠᠵᠤ ᠣᠷᠣᠯᠳᠣᠭᠰᠠᠭᠠᠷ ᠪᠠᠶ᠋ᠢᠭᠠᠤᠠ ᠡᠪ ᠊ᠢ ᠨᠢ ᠣᠯᠤᠭᠰᠠᠨ ᠠ᠋ᠴᠠ ᠭᠠᠷ ᠴᠤ᠌ ᠬᠥᠰᠢᠬᠦ ᠪᠡᠨ ᠪᠣᠯᠢᠪᠠ  ᠃ 

  ᠵᠡᠭᠦᠯᠲᠡ  ※  ᠥᠷᠥᠭᠡᠯᠲᠥᠭᠦᠯᠦᠨ  ᠭᠡᠰᠡᠨ  ᠤᠭ ᠦᠰᠦᠭ ᠊ᠢ  ᠥᠷᠥᠭᠡᠯᠳᠡᠭᠦᠯᠦᠨ ᠭᠡᠵᠦ ᠵᠠᠰᠠᠪᠠ ᠃

       ᠦᠰᠦᠭ ᠠᠮᠢᠯᠠᠭᠤᠯᠤᠭᠴᠢ ᠄   ᠪᠣᠷᠵᠢᠭᠢᠨ᠂  ᠨᠠᠷᠠᠨᠭᠡᠷᠡᠯ
             ᠬᠢᠨᠠᠭᠴᠢ ᠄   ᠣᠤᠠᠬᠠᠨᠰᠣ᠎ᠠ  ᠂  ᠠ‍ · ᠰᠠᠷᠠᠨᠭᠡᠷᠡᠯ
                                           2023.3.8