ᠵᠠᠩᠭᠠᠷ ᠤ᠋ᠨ ᠲᠤᠤᠯᠢ ᠣᠷᠣᠰᠢᠯ ᠪᠦᠯᠦᠭ ᠦᠨ ᠭᠤᠷᠪᠠᠳᠤᠭᠠᠷ ᠬᠡᠰᠡᠭᠯᠡᠯ- ᠵᠠᠩᠭᠠᠷ ᠤ᠋ᠨ ᠬᠣᠶᠠᠷ ᠣᠷᠣᠬᠤ ᠨᠠᠰᠤᠨ ᠠ᠋ᠴᠠ ᠳᠣᠯᠣᠭ᠎ᠠ ᠣᠷᠣᠬᠤ ᠨᠠᠰᠤᠨ ᠤ᠋ ᠦᠢᠯᠡ ᠶᠠᠪᠤᠳᠠᠯ ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠲᠤᠤᠯᠢ ᠣᠷᠣᠰᠢᠯ ᠪᠦᠯᠦᠭ ᠦᠨ ᠭᠤᠷᠪᠠᠳᠤᠭᠠᠷ ᠬᠡᠰᠡᠭᠯᠡᠯ- ᠵᠠᠩᠭᠠᠷ ᠤ᠋ᠨ ᠬᠣᠶᠠᠷ ᠣᠷᠣᠬᠤ ᠨᠠᠰᠤᠨ ᠠ᠋ᠴᠠ ᠳᠣᠯᠣᠭ᠎ᠠ ᠣᠷᠣᠬᠤ ᠨᠠᠰᠤᠨ ᠤ᠋ ᠦᠢᠯᠡ ᠶᠠᠪᠤᠳᠠᠯ

ᠵᠠᠩᠭᠠᠷ ᠤ᠋ᠨ ᠲᠤᠤᠯᠢ ᠣᠷᠣᠰᠢᠯ ᠪᠦᠯᠦᠭ ᠦᠨ ᠭᠤᠷᠪᠠᠳᠤᠭᠠᠷ ᠬᠡᠰᠡᠭᠯᠡᠯ- ᠵᠠᠩᠭᠠᠷ ᠤ᠋ᠨ ᠬᠣᠶᠠᠷ ᠣᠷᠣᠬᠤ ᠨᠠᠰᠤᠨ ᠠ᠋ᠴᠠ ᠳᠣᠯᠣᠭ᠎ᠠ ᠣᠷᠣᠬᠤ ᠨᠠᠰᠤᠨ ᠤ᠋ ᠦᠢᠯᠡ ᠶᠠᠪᠤᠳᠠᠯ

ᠠᠩᠭᠢᠯᠠᠯ:ᠲᠤᠤᠯᠢᠰ
2024-04-26

1940

ᠵᠠᠩᠭᠠᠷ ᠤ᠋ᠨ ᠬᠣᠶᠠᠷ ᠣᠷᠣᠬᠤ ᠨᠠᠰᠤᠨ ᠠ᠋ᠴᠠ ᠳᠣᠯᠣᠭ᠎ᠠ ᠣᠷᠣᠬᠤ ᠨᠠᠰᠤᠨ ᠤ᠋ ᠦᠢᠯᠡ ᠶᠠᠪᠤᠳᠠᠯ

ᠡᠷᠭᠢᠨ ᠬᠣᠶᠠᠷ ᠣᠷᠣᠬᠤ ᠨᠠᠰᠤᠨ ᠳ᠋ᠠᠭᠠᠨ ᠭᠡᠨ᠎ᠡ ᠯᠡ᠂

ᠡᠷᠬᠡ ᠬᠢᠮᠤᠰᠤᠲᠤ ᠰᠢᠷ᠎ᠠ ᠮᠠᠩᠭᠤᠰ ᠤ᠋ᠨ ᠬᠠᠭᠠᠨ ᠤ᠋ ᠳ᠋ᠤ᠌᠂

ᠨᠤᠲᠤᠭ ᠨᠢᠷᠤᠭᠤ ᠪᠠᠨ ᠳᠠᠢᠯᠠᠭᠤᠯᠤᠭᠠᠳ᠂

ᠥᠨᠥᠴᠢᠨ ᠭᠠᠭᠴᠠᠭᠠᠷ ᠬᠣᠴᠣᠷᠤᠭᠰᠠᠨ ᠰᠠᠨᠵᠠᠢ ᠭᠡᠨ᠎ᠡ ᠯᠡ᠂

ᠭᠤᠨ᠎ᠠ ᠣᠷᠣᠬᠤ ᠨᠠᠰᠤᠨ ᠳ᠋ᠠᠭᠠᠨ ᠭᠡᠨ᠎ᠡ ᠯᠡ᠂

ᠭᠤᠨᠠᠨ ᠵᠡᠭᠡᠷᠳᠡ ᠶ᠋ᠢᠨ᠂

ᠭᠤᠨ᠎ᠠ ᠲᠠᠢ ᠴᠠᠭ ᠲᠤ᠌ ᠭᠡᠨ᠎ᠡ ᠯᠡ᠂

ᠭᠤᠷᠪᠠᠲᠠᠢ ᠵᠠᠩᠭᠠᠷ ᠬᠥᠯ ᠢ᠋ᠶ᠋ᠡᠨ ᠡᠷᠭᠦᠵᠦ ᠲᠡᠢᠨ ᠳ᠋ᠦ᠍ ᠮᠣᠷᠳᠠᠭᠠᠳ᠂ 

ᠭᠤᠯᠵᠢᠨ ᠰᠢᠷ᠎ᠠ ᠮᠠᠩᠭᠤᠰ ᠤ᠋ᠨ ᠬᠠᠭᠠᠨ  ᠢ᠋

ᠭᠤᠷᠪᠠᠨ ᠰᠠᠷ᠎ᠠ ᠴᠣᠬᠢᠨ ᠳᠠᠢᠯᠠᠭᠠᠳ᠂

ᠭᠤᠶ᠎ᠠ ᠳᠣᠣᠷ᠎ᠠ ᠪᠠᠨ ᠮᠥᠷᠭᠥᠭᠦᠯᠦᠭᠡᠳ᠂

ᠡᠷᠬᠡᠰᠢᠶᠡᠯ ᠳ᠋ᠡᠭᠡᠨ ᠣᠷᠣᠭᠤᠯᠤᠭᠠᠳ ᠠᠪᠤᠭᠰᠠᠨ ᠰᠠᠨᠵᠠᠢ ᠭᠡᠨ᠎ᠡ ᠯᠡ᠂

ᠳᠥᠨ᠎ᠡ ᠣᠷᠣᠬᠤ ᠨᠠᠰᠤᠨ ᠳ᠋ᠠᠭᠠᠨ ᠭᠡᠨ᠎ᠡ ᠯᠡ 

ᠲᠦᠷᠳᠡᠩ ᠰᠢᠷ᠎ᠠ ᠮᠠᠩᠭᠤᠰ ᠤ᠋ᠨ ᠬᠠᠭᠠᠨ ᠤ᠋ ᠨᠤᠲᠤᠭ  ᠢ᠋

ᠳᠥᠷᠪᠡᠨ ᠰᠠᠷ᠎ᠠ ᠴᠣᠬᠢᠨ ᠳᠠᠢᠯᠠᠭᠠᠳ᠂ 

ᠳᠥᠷᠦᠭᠡᠨ ᠳᠣᠣᠷ᠎ᠠ ᠪᠠᠨ ᠮᠥᠷᠭᠥᠭᠦᠯᠦᠭᠡᠳ᠂

ᠡᠷᠬᠡᠰᠢᠶᠡᠯ ᠳ᠋ᠡᠭᠡᠨ ᠣᠷᠣᠭᠤᠯᠤᠭᠠᠳ ᠠᠪᠤᠭᠰᠠᠨ ᠰᠠᠨᠵᠠᠢ ᠭᠡᠨ᠎ᠡ ᠯᠡ᠂

ᠲᠠᠪᠤ ᠣᠷᠣᠬᠤ ᠨᠠᠰᠤᠨ ᠳ᠋ᠠᠭᠠᠨ ᠭᠡᠨ᠎ᠡ ᠯᠡ᠂

ᠲᠠᠩᠭᠠᠴᠢ ᠶ᠋ᠢᠨ ᠲᠠᠪᠤᠨ ᠣᠷᠣᠨ  ᠢ᠋ ᠲᠦᠭᠡᠢᠯᠡᠨ ᠶᠠᠪᠤᠭᠠᠳ᠂

ᠳᠠᠬᠢ ᠶ᠋ᠢᠨ ᠲᠠᠪᠤᠨ ᠱᠤᠯᠤᠮ ᠤ᠋ᠨ ᠬᠠᠭᠠᠨ  ᠢ᠋

ᠲᠠᠪᠤᠨ ᠰᠠᠷ᠎ᠠ ᠴᠣᠬᠢᠨ ᠳᠠᠢᠯᠠᠭᠠᠳ᠂

ᠲᠡᠰᠢᠶ᠎ᠡ ᠳᠣᠣᠷ᠎ᠠ ᠪᠠᠨ ᠮᠥᠷᠭᠥᠭᠦᠯᠦᠭᠡᠳ᠂

ᠡᠷᠬᠡᠰᠢᠶᠡᠯ ᠳ᠋ᠡᠭᠡᠨ ᠣᠷᠣᠭᠤᠯᠤᠭᠠᠳ ᠠᠪᠤᠭᠰᠠᠨ ᠰᠠᠨᠵᠠᠢ ᠭᠡᠨ᠎ᠡ ᠯᠡ᠂

ᠵᠢᠷᠭᠤᠭ᠎ᠠ ᠣᠷᠣᠬᠤ ᠨᠠᠰᠤᠨ ᠳ᠋ᠠᠭᠠᠨ ᠭᠡᠨ᠎ᠡ ᠯᠡ᠂

ᠵᠠᠭᠤᠨ ᠪᠠᠢᠷᠢ ᠶ᠋ᠢᠨ ᠠᠮᠠ ᠶ᠋ᠢ ᠡᠪᠳᠡᠭᠡᠳ᠂

ᠵᠠᠭᠤᠨ ᠵᠢᠳᠠ ᠶ᠋ᠢᠨ ᠦᠵᠦᠭᠦᠷ ᠢ᠋ ᠬᠤᠭᠤᠯᠤᠨ᠂

ᠵᠢᠷᠤᠭ ᠪᠣᠯᠤᠭᠰᠠᠨ ᠪᠠᠢᠰᠢᠩ ᠲᠠᠢ᠂

ᠪᠠᠶᠠᠨ ᠬᠦᠩᠭᠢ ᠶ᠋ᠢᠨ ᠠᠯᠲᠠ ᠴᠡᠭᠡᠵᠢ ᠪᠠᠪᠠᠢ ᠶ᠋ᠢ ᠣᠷᠣᠭᠤᠯᠤᠭᠠᠳ᠂

ᠪᠠᠷᠠᠭᠤᠨ ᠪᠡᠶ᠎ᠡ ᠶ᠋ᠢᠨ ᠠᠬᠠᠯᠠᠭᠴᠢ ᠪᠠᠨ ᠪᠣᠯᠭᠠᠭᠰᠠᠨ ᠰᠠᠨᠵᠠᠢ ᠭᠡᠨ᠎ᠡ ᠯᠡ᠂

ᠳᠣᠯᠣᠭ᠎ᠠ ᠣᠷᠣᠬᠤ ᠨᠠᠰᠤᠨ ᠳ᠋ᠠᠭᠠᠨ ᠭᠡᠨ᠎ᠡ ᠯᠡ᠂ 

ᠲᠣᠯᠣᠩᠭᠠᠷ ᠵᠡᠭᠡᠷᠳᠡ ᠶ᠋ᠢᠨ᠂

ᠳᠣᠯᠣᠭ᠎ᠠ ᠲᠠᠢ ᠴᠠᠭ ᠲᠤ᠌ ᠭᠡᠨ᠎ᠡ ᠯᠡ᠂

ᠳᠠᠭᠤ ᠲᠠᠢ ᠵᠠᠩᠭᠠᠷ ᠨᠡᠷ᠎ᠡ ᠪᠡᠨ ᠭᠠᠷᠭᠠᠭᠠᠳ᠂

ᠳᠣᠣᠷᠠᠲᠤ ᠶ᠋ᠢᠨ ᠳᠣᠯᠣᠭᠠᠨ ᠣᠷᠣᠨ  ᠢ᠋ ᠲᠣᠷᠣᠢᠴᠠᠭᠣᠯᠣᠭᠠᠳ᠂

ᠳᠥᠴᠢᠨ ᠶᠢᠰᠦᠨ ᠬᠠᠭᠠᠨ ᠤ᠋ ᠬᠡᠦᠬᠡᠨ  ᠢ᠋ ᠭᠣᠯᠣᠭᠠᠳ᠂

ᠦᠦᠷ ᠦᠳᠡ ᠶ᠋ᠢᠨ ᠬᠣᠭᠣᠷᠣᠨᠳᠣ ᠪᠠᠢᠭᠰᠠᠨ᠂

ᠨᠣᠮ ᠲᠡᠭᠦᠰ ᠬᠠᠭᠠᠨ ᠤ᠋ ᠬᠡᠦᠬᠡᠨ᠂

ᠠᠷᠪᠠᠨ ᠵᠢᠷᠭᠤᠭᠠᠨ ᠨᠠᠰᠤᠲᠠᠢ᠂ 

ᠠᠭᠠᠢ ᠱᠠᠪᠳᠠᠯ  ᠢ᠋ ᠠᠪᠤᠨ ᠥᠷᠭᠥᠭᠡᠯᠡᠭᠰᠡᠨ ᠰᠠᠨᠵᠠᠢ ᠭᠡᠨ᠎ᠡ ᠯᠡ᠃


ᠦᠭᠡᠰ ᠦ᠋ᠨ ᠲᠠᠢᠯᠪᠤᠷᠢ᠄
1
 ᠡᠷᠭᠢᠨ ᠬᠣᠶᠠᠷ ᠣᠷᠣᠬᠤ᠁ ᠨᠠᠰᠤ ᠵᠢᠯ ᠣᠷᠣᠬᠤ ᠶ᠋ᠢᠨ ᠳᠡᠰ ᠳᠠᠷᠠᠭᠠᠯᠠᠯ ᠪᠣᠯᠤᠨ ᠬᠦᠨᠳᠦᠳᠬᠡᠯ ᠨᠡᠷᠡᠢᠳᠦᠯ ᠪᠣᠯᠤᠨ᠎ᠠ᠃
2
 ᠭᠤᠯᠵᠢᠨ ᠰᠢᠷ᠎ᠠ ᠲᠦᠷᠡᠳᠡᠭ ᠰᠢᠷ᠎ᠠ᠁ ᠮᠠᠩᠭᠤᠰ ᠤ᠋ᠨ ᠬᠠᠭᠠᠨ ᠤ᠋ ᠨᠡᠷ᠎ᠡ᠂ ᠭᠤᠷᠪᠠ ᠪᠣᠯᠤᠨ ᠳᠥᠷᠪᠡᠨ ᠨᠠᠰᠤᠲᠠᠢ ᠮᠠᠩᠭᠤᠰ  ᠢ᠋ ᠳᠦᠷᠰᠦᠯᠡᠭᠰᠡᠨ ᠪᠠᠢᠳᠠᠯ᠃
3
 ᠲᠤᠷᠤᠢᠴᠠᠭᠤᠯᠣᠨ᠁ ᠡᠷᠬᠡᠰᠢᠶᠡᠯ ᠳ᠋ᠡᠭᠡᠨ ᠣᠷᠣᠭᠤᠯᠤᠭᠰᠠᠨ᠂ ᠳᠠᠢᠯᠠᠨ ᠳᠡᠢᠯᠦᠭᠰᠡᠨ᠂ ᠬᠦᠴᠦᠨ ᠴᠢᠳᠠᠯ  ᠢ᠋ ᠨᠢ ᠮᠣᠬᠣᠭᠠᠵᠤ ᠮᠥᠬᠥᠭᠡᠭᠰᠡᠨ᠃
4
 ᠲᠠᠩᠭᠠᠴᠢ᠁ ᠤᠯᠤᠰ ᠣᠷᠣᠨ᠂
ᠣᠯᠠᠨ ᠲᠦᠮᠡᠨ ᠠᠷᠠᠳ ᠢᠷᠭᠡᠨ᠃
5
 ᠲᠦᠭᠡᠢᠯᠡᠨ᠁ ᠲᠣᠭᠣᠷᠢᠬᠤ᠂ ᠡᠷᠭᠢᠬᠦ᠂ ᠳᠤᠭᠤᠢᠯᠠᠬᠤ᠃
6
 ᠲᠠᠬᠢ ᠶ᠋ᠢᠨ ᠲᠠᠪᠤᠨ ᠱᠤᠯᠤᠮ — ᠠᠬ᠎ᠠ ᠳᠡᠭᠦᠦ ᠲᠠᠪᠤᠨ ᠱᠤᠯᠤᠮ ᠂ ᠲᠤᠰ ᠲᠤᠰ ᠲᠠᠭᠠᠨ ᠥᠪᠡᠷ ᠦ᠋ᠨ ᠢ᠋ᠶ᠋ᠡᠨ ᠤᠯᠤᠰ ᠣᠷᠣᠨ ᠢ᠋ᠶ᠋ᠠᠨ ᠡᠵᠡᠯᠡᠨ ᠰᠠᠭᠤᠭᠰᠠᠨ ᠱᠤᠯᠤᠮ ᠤ᠋ᠨ ᠬᠣᠯᠪᠣᠭᠠᠯᠠᠭᠰᠠᠨ ᠤᠯᠤᠰ ᠣᠷᠣᠨ

ᠵᠠᠩᠭᠠᠷ ᠤᠨ ᠬᠣᠶᠠᠷ ᠨᠠᠰᠤᠨ ᠡᠴᠡ ᠲᠤᠯᠤᠭᠠᠨ ᠨᠠᠰᠤᠨ ᠤ ᠦᠶ᠎ᠡ  ᠶᠢᠨ ᠦᠢᠯᠡ ᠶᠠᠪᠤᠳᠠᠯ ᠤᠨ ᠲᠠᠢᠯᠤᠮᠵᠢ