ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-11Гүнгийн жуугийн гэгээний алтан сургаал оршивой ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-11Гүнгийн жуугийн гэгээний алтан сургаал оршивой

ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-11Гүнгийн жуугийн гэгээний алтан сургаал оршивой

2023-04-26

310

ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-11

  ᠨᠢᠭᠡᠳᠦᠭᠡᠷ ᠪᠦᠯᠦᠭ ᠰᠤᠷᠭᠠᠯ ᠰᠢᠯᠦᠭ
     ᠠᠷᠪᠠᠨ ᠨᠢᠭᠡ

ᠭᠤᠷᠪᠠᠨ ᠴᠤᠬᠠᠭ ᠳᠡᠭᠡᠳᠦ ᠳ᠋ᠦ᠍ᠷ ᠮᠥᠷᠭᠥᠮᠦᠢ ᠂
ᠭᠤᠲᠤᠮᠰᠢᠭᠲᠤ ᠣᠷᠴᠢᠯᠠᠩ ᠤ᠋ᠨ ᠵᠢᠮ᠎ᠡ ᠪᠡᠷ ᠂
ᠭᠤᠲᠤᠷᠠᠵᠤ ᠲᠦᠭᠡᠷᠢᠭᠰᠡᠨ ᠠᠷᠠᠳ ᠲᠤᠷ ᠂  
ᠬᠤᠷᠴᠠ ᠨᠠᠷᠢᠨ ᠲᠣᠯᠢ ᠪᠢᠴᠢᠭ ᠨᠡᠭᠡᠭᠡᠪᠡᠢ ᠃

ᠲᠠᠶ᠋ᠢᠵᠢ ᠨᠣᠶᠠᠳ ᠵᠠᠷᠢᠮ ᠦ᠋ᠳ ᠢ᠋ᠶ᠋ᠡᠷ ᠵᠡᠷᠭᠡ ᠶᠡᠬᠡ ᠬᠡᠮᠡᠭᠡᠳ ᠂
ᠲᠠᠩᠭᠠᠷᠢᠭᠲᠤ ᠬᠤᠸᠠᠷᠠᠭ ᠬᠥᠮᠦᠨ ᠳᠡᠭᠡᠷ᠎ᠡ ᠭᠠᠷᠤᠨ ᠰᠠᠭᠤᠵᠤ ᠂
ᠲᠠᠭᠠᠯᠠᠯ ᠳ᠋ᠤᠷ ᠰᠣᠨᠢᠨ ᠪᠣᠯᠪᠠ ᠦᠨᠳᠦᠰᠦ ᠪᠡᠨ ᠬᠣᠣᠷᠯᠠᠭᠠᠳ ᠂
ᠲᠠᠮᠤ ᠶ᠋ᠢᠨ ᠣᠯᠪᠣᠭ ᠵᠤᠵᠠᠭᠠᠷᠠᠨ ᠶᠠᠪᠤᠬᠤ ᠪᠢᠰᠢ ‍ᠤᠤ ᠬᠠᠶ᠋ᠢᠷᠠᠨ ᠃

ᠲᠠᠩᠭᠠᠷᠢᠭᠲᠤ ᠪᠯᠠᠮ᠎ᠡ ᠬᠥᠮᠦᠨ ᠳᠦᠷᠰᠦ ᠮᠡᠲᠦ ᠪᠣᠯᠪᠠᠴᠤ ᠂
ᠲᠠᠨ ᠤ᠋ ᠪᠡᠶ᠎ᠡ ᠵᠡᠷᠭᠡᠴᠡᠪᠡᠯ ᠪᠤᠷᠴᠠᠭ ᠮᠡᠲᠦ ᠪᠠᠭ᠎ᠠ ᠪᠣᠢ ᠂
ᠲᠠᠰᠤᠷ ᠲᠠᠰᠤᠷ ᠲᠠᠭᠠᠯᠠᠯ ᠳ᠋ᠤᠷ ᠬᠤᠵᠢᠮᠵᠢᠲᠠᠢ ᠪᠣᠯᠪᠠᠴᠤ ᠂
ᠲᠠᠩᠭᠠᠷᠢᠭᠲᠤ ᠰᠠᠬᠢᠭᠤᠯᠰᠤᠨ ᠴᠠᠭᠠᠵᠠᠨ ᠢ᠋ᠶ᠋ᠠᠷ ᠬᠠᠶ᠋ᠢᠷᠠᠨ ᠃

ᠠᠮᠠᠨ ᠳ᠋ᠠᠭᠠᠨ ᠭᠤᠷᠪᠠᠨ ᠴᠤᠬᠠᠭ ᠡᠷᠳᠡᠨᠢ ᠭᠡᠮᠡᠨ ᠵᠠᠯᠪᠠᠷᠢᠨ ᠂
ᠠᠵᠢᠭᠯᠠᠵᠤ ᠪᠣᠳᠣᠬᠤᠯ᠎ᠠ ᠨᠢᠭᠡᠨ ᠢᠨᠤ ᠬᠤᠸᠠᠷᠠᠭ ᠂
ᠠᠶᠠᠭ᠎ᠠ ᠰᠢᠨᠠᠭ᠎ᠠ ᠪᠠᠷᠢᠭᠤᠯᠤᠮ᠎ᠠ ᠠᠳᠠᠭ ᠮᠠᠭᠤ ᠵᠠᠷᠤᠴᠠ ᠂
ᠠᠶᠠᠰ ᠢ᠋ᠶ᠋ᠠᠷ ᠪᠣᠳᠣᠬᠤᠯ᠎ᠠ ᠶᠠᠮᠪᠠᠷ ᠰᠣᠨᠢᠨ ᠲᠠᠭᠠᠯᠠᠯ ᠃

ᠭᠤᠲᠤᠮᠰᠢᠭᠲᠤ ᠣᠷᠴᠢᠯᠠᠩ ᠳ᠋ᠤᠷ ᠱᠠᠪᠠᠷᠲᠠᠬᠰᠠᠨ ᠪᠡᠶ᠎ᠡ ᠪᠡᠨ ᠂
ᠭᠤᠷᠪᠠᠨ ᠴᠤᠬᠠᠭ ᠡᠷᠳᠡᠨᠢ ᠯᠤᠭᠡ ᠪᠤᠶᠠᠨ ᠵᠡᠷᠭᠡ ᠲᠠᠰᠢᠶᠠᠷᠠᠨ ᠂
ᠬᠤᠷᠴᠠ ᠱᠠᠵᠢᠨ ᠬᠤᠸᠠᠷᠠᠭ ᠊ᠢ ᠡᠯᠳᠡᠪ ᠢ᠋ᠶ᠋ᠡᠷ ᠴᠢᠯᠡᠭᠡᠨ ᠂
ᠬᠤᠤᠠᠬᠤᠯᠤᠬᠰᠠᠨ ᠶᠡᠬᠡ ᠪᠡᠶ᠎ᠡ ᠭᠠᠯ ᠳ᠋ᠤᠷ ᠪᠠᠶ᠋ᠢᠨ᠎ᠠ ᠰᠢᠦ ᠬᠠᠶ᠋ᠢᠷᠠᠨ ᠃

ᠬᠣᠣᠰᠯᠠᠭᠰᠠᠨ ᠦᠭᠡᠰ ᠮᠢᠨᠦ ᠣᠯᠠᠨ ᠪᠦᠬᠦᠢ ᠶ᠋ᠢᠨ ᠳᠦᠷᠢ ᠪᠣᠢ ᠂
ᠬᠤᠷᠴᠠ ᠨᠢᠭᠡᠨ ᠤᠳᠬ᠎ᠠ ᠰᠢᠯᠦᠭ ᠣᠯᠠᠨ ᠪᠦᠬᠦᠢ ᠶ᠋ᠢᠨ ᠲᠠᠭᠠᠯᠠᠯ ᠂
ᠬᠣᠣᠷᠳᠠᠭᠰᠠᠨ ᠰᠡᠳᠬᠢᠯ ᠮᠢᠨᠦ ᠣᠯᠠᠨ ᠲᠦᠮᠡᠨ ᠲᠤᠰᠠ ᠪᠣᠢ ᠂
ᠭᠣᠯᠣᠬᠤ ᠨᠢ ᠣᠯᠠᠨ ᠪᠣᠯᠪᠠᠰᠤ ᠮᠤᠩᠬᠠᠭ ᠮᠢᠨᠦ ᠪᠣᠯᠲᠤᠭᠠᠢ ᠃


  ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
  ᠬᠢᠨᠠᠭᠰᠠᠨ ᠨᠢ ᠄ ᠤᠤᠠᠬᠠᠨᠰᠤ᠎ᠡ