ᠵᠤᠭᠠᠴᠠᠭᠠᠷᠠᠢ( ᠣᠷᠱᠤᠨ ᠭᠣᠣᠯ ) - ᠦᠭᠡ ᠄ ᠣ‍ · ᠣᠷᠭᠢᠯᠰᠠᠶ᠋ᠢᠬᠠᠨ ᠂ ᠠᠶ᠎ᠠ ᠄ ᠸᠠᠴᠢᠷᠵᠠᠪ Зугаацаарай ( Оршин гол ) – Үг ᠄ О · Оргилсайхан ᠂ Ая ᠄ Вачиржав ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠤᠭᠠᠴᠠᠭᠠᠷᠠᠢ( ᠣᠷᠱᠤᠨ ᠭᠣᠣᠯ ) - ᠦᠭᠡ ᠄ ᠣ‍ · ᠣᠷᠭᠢᠯᠰᠠᠶ᠋ᠢᠬᠠᠨ ᠂ ᠠᠶ᠎ᠠ ᠄ ᠸᠠᠴᠢᠷᠵᠠᠪ Зугаацаарай ( Оршин гол ) – Үг ᠄ О · Оргилсайхан ᠂ Ая ᠄ Вачиржав

ᠵᠤᠭᠠᠴᠠᠭᠠᠷᠠᠢ( ᠣᠷᠱᠤᠨ ᠭᠣᠣᠯ ) - ᠦᠭᠡ ᠄ ᠣ‍ · ᠣᠷᠭᠢᠯᠰᠠᠶ᠋ᠢᠬᠠᠨ ᠂ ᠠᠶ᠎ᠠ ᠄ ᠸᠠᠴᠢᠷᠵᠠᠪ Зугаацаарай ( Оршин гол ) – Үг ᠄ О · Оргилсайхан ᠂ Ая ᠄ Вачиржав

ᠠᠩᠭᠢᠯᠠᠯ:ᠳᠠᠭᠤᠤ ᠬᠥᠭᠵᠢᠮ
2023-04-26

244

ᠵᠤᠭᠠᠴᠠᠭᠠᠷᠠᠢ


                ᠦᠭᠡ ᠄ ᠣ‍ · ᠣᠷᠭᠢᠯᠰᠠᠶ᠋ᠢᠬᠠᠨ  
             ᠠᠶ᠎ᠠ ᠄ ᠸᠠᠴᠢᠷᠵᠠᠪ  

ᠲᠣᠲᠤᠬᠠᠨ ᠢᠷᠠᠭᠤ ᠬᠣᠭᠤᠯᠠᠶ᠋ᠢᠲᠠᠨ 
ᠡᠭᠡᠰᠢᠭ᠌ᠯᠡᠨ ᠪᠠᠶ᠋ᠢᠨ᠎ᠠ 
ᠰᠢᠭᠤᠢ ᠳ᠋ᠠᠭᠠᠨ ᠲᠣᠩ ᠴᠦ᠍ ᠯᠠ ᠬᠥᠭᠡᠷᠦᠬᠦᠨ 
ᠬᠤᠨ ᠨᠤᠭᠤᠳ ᠨᠢ ᠠᠯᠢᠶᠠᠯᠠᠨ ᠪᠠᠶ᠋ᠢᠨ᠎ᠠ 
ᠴᠣᠶ᠋ᠢᠵᠢᠨ ᠳ᠋ᠠᠭᠠ 
     ᠠ ᠠ ᠠ ᠠ ᠬᠠ ᠠ ᠬᠠ ᠠ ᠬᠠ ᠬᠥ
     ᠠᠯᠲᠠᠨ ᠬᠠᠲᠠ ᠶ᠋ᠢᠨ ᠮᠢᠨᠢ ᠵᠤᠰᠠᠯᠠᠩ ᠶ᠋ᠢᠠᠷ
     ᠠᠶᠠᠯᠠᠨ ᠵᠤᠭᠠᠴᠠᠭᠠᠳ ᠮᠣᠷᠲᠠᠭᠠᠷᠠᠢ

ᠠᠷᠢᠭᠤᠬᠠᠨ ᠴᠡᠩᠬᠡᠷ ᠨᠠᠭᠤᠷ ᠨᠢ
ᠬᠠᠯᠢᠨ ᠪᠠᠶ᠋ᠢᠨ᠎ᠠ ᠡᠷᠬᠢ ᠪᠡᠷ ᠶ᠋ᠢᠡᠨ ᠂
ᠠᠰᠬ᠎ᠠ ᠥᠨᠲᠥᠷ ᠣᠷᠭᠢᠯ ᠦ᠋ᠳ ᠨᠢ
ᠪᠠᠷᠠᠯᠠᠨ ᠪᠠᠶ᠋ᠢᠨ᠎ᠠ ᠢᠷᠡᠭᠡᠲᠦᠢ ᠪᠡᠨ ᠃
       ᠷᠠᠰᠢᠶᠠᠨ ᠪᠤᠯᠠᠭ ᠲᠤᠨᠢ ᠰᠡᠷᠢᠭᠦᠴᠡᠭᠡᠳ
       ᠠᠮᠲᠠᠲᠤ ᠵᠢᠮᠢᠰ ᠡᠴᠡ ᠨᠢ ᠳᠡᠭᠡᠵᠢᠯᠡᠭᠡᠷᠡᠢ !

ᠲᠤᠭᠤᠷᠭᠠᠲᠤ ᠴᠠᠭᠠᠨ ᠭᠡᠷ ᠦ᠋ᠳ ᠨᠢ
ᠭᠢᠯᠠᠯᠵᠠᠨ ᠪᠠᠶ᠋ᠢᠨ᠎ᠠ ᠵᠤᠰᠠᠯᠠᠩ ᠳ᠋ᠠᠭᠠᠨ ᠂
ᠲᠣᠬ᠋᠎ᠠ ᠦᠭᠡᠢ ᠢᠷᠠᠶ᠋ᠢᠬᠰᠠᠨ ᠰᠥᠷᠦᠭ ᠦ᠋ᠳ ᠨᠢ
ᠲᠣᠭᠲᠠᠭᠤᠬᠠᠨ ᠪᠠᠶ᠋ᠢᠨ᠎ᠠ ᠪᠡᠯᠴᠢᠭᠡᠷ ᠲᠡᠭᠡᠨ ᠃
        ᠠᠯᠲᠠᠨ ᠬᠠᠲᠠᠨ ᠪ ᠮᠢᠨᠢ ᠣᠷᠭᠢᠯ ᠳᠡᠭᠡᠷ᠎ᠡ
        ᠠᠶᠠᠯᠭᠤ ᠳᠠᠭᠤᠤ ᠪᠠᠨ ᠡᠷᠭᠦᠭᠡᠷᠡᠢ !

ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠤᠷᠠᠨᠴᠡᠴᠡᠭ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ 4 ᠰᠠᠷ᠎ᠠ ᠶ᠋ᠢᠨ 25  ᠤ ᠡᠲᠦᠷ