ᠵᠢᠪᠬᠤᠭᠠᠲᠤ ᠮᠠᠯᠴᠢᠨ ( ᠣᠷᠱᠤᠨ ᠭᠣᠣᠯ ) - ᠦᠭᠡ ᠄ ᠤᠷᠠᠨᠪᠠᠲᠤ ᠂ ᠠᠶ᠎ᠠ ᠄ ᠸᠠᠴᠢᠷᠵᠠᠪ Жавхаат малчин ( Оршин гол ) – Үг ᠄ Уранбат ᠂ Ая ᠄ Вачиржав
ᠵᠢᠪᠬᠤᠭᠠᠲᠤ ᠮᠠᠯᠴᠢᠨ
ᠦᠭᠡ ᠄ ᠤᠷᠠᠨᠪᠠᠲᠤ
ᠠᠶ᠎ᠠ ᠄ ᠸᠠᠴᠢᠷᠵᠠᠪ
ᠠᠭᠤᠲᠠᠮ ᠬᠠᠩᠭᠠᠢ ᠨᠤᠲᠤᠭ ᠲᠠᠭᠠᠨ
ᠤᠷᠬ᠋᠎ᠠ ᠪᠠᠨ ᠲᠤᠯᠤᠭᠰᠠᠨ ᠮᠠᠯᠴᠢᠨ ᠳ᠋ᠠ !
ᠤᠨᠲᠤᠷᠬᠤ ᠵᠢᠷᠭᠠᠯ ᠶ᠋ᠢᠠᠨ ᠡᠲᠯᠡᠭᠡᠳ
ᠤᠷᠤᠭᠰᠢᠯᠠᠨ ᠳᠠᠪᠰᠢᠬ᠋ᠠ ᠮᠠᠯᠴᠢᠨ ᠳ᠋ᠠ !
ᠮᠠᠯᠴᠢᠨ ᠪ ᠵᠢᠪᠬᠤᠬ᠋ᠠ ᠣᠮᠣᠭᠯᠠᠩ
ᠮᠠᠯᠴᠢᠨ ᠪ ᠵᠢᠪᠬᠤᠬ᠋ᠠ ᠰᠦᠷᠯᠢᠭ
ᠭᠠᠮᠰᠢᠬ ᠵᠤᠳ ᠊ᠢ ᠢᠯᠠᠭᠰᠠᠨ
ᠭᠠᠩ ᠵᠣᠷᠢᠬ ᠲᠠᠢ ᠮᠠᠯᠴᠢᠨ ᠳ᠋ᠠ !
ᠭᠠᠷᠮᠠᠭᠠᠢ ᠪᠦᠲᠦᠭᠡᠯ ᠶ᠋ᠢᠡᠨ ᠭᠢᠯᠠᠷᠠᠭᠤᠯᠤᠭᠰᠠᠨ
ᠭᠠᠩᠭᠠᠩ ᠲᠦᠷᠬᠦ ᠲᠡᠢ ᠮᠠᠯᠴᠢᠨ ᠳ᠋ᠠ !
ᠳᠠᠬᠢᠯᠲᠠ
ᠰᠢᠨᠵᠢᠯᠡᠬᠦ ᠤᠬᠠᠭᠠᠨᠴᠢ ᠪᠠᠷ ᠮᠠᠯᠵᠢᠬᠰᠠᠨ
ᠰᠢᠨ᠎ᠡ ᠪᠦᠲᠦᠭᠡᠯ ᠲᠡᠢ ᠮᠠᠯᠴᠢᠨ ᠳ᠋ᠠ !
ᠰᠢᠵᠢᠷ ᠡᠷᠢᠨ ᠳ᠋ᠡᠭᠡᠨ ᠭᠠᠪᠰᠢᠭᠠᠶ᠋ᠢᠯᠠᠭᠰᠠᠨ
ᠰᠢᠮᠲᠠᠨ ᠳᠠᠪᠰᠢᠬ᠋ᠠ ᠮᠠᠯᠴᠢᠨ ᠳ᠋ᠠ !
ᠳᠠᠬᠢᠯᠲᠠ
ᠬᠦᠰᠡᠯᠡᠩᠲᠦ ᠰᠠᠶ᠋ᠢᠬᠠᠨ ᠢᠷᠡᠭᠡᠲᠦᠢ ᠳ᠋ᠡᠭᠡᠨ
ᠢᠲᠡᠭᠡᠯ ᠳᠦᠭᠦᠷᠡᠩ ᠮᠠᠯᠴᠢᠨ ᠳ᠋ᠠ !
ᠬᠥᠮᠦᠨ ᠪ ᠣᠷᠴᠢᠯᠠᠩ ᠦ᠋ᠨ ᠵᠢᠷᠭᠠᠯ ᠊ᠢ
ᠬᠥᠲᠡᠯᠮᠦᠷᠢ ᠶ᠋ᠢᠡᠷ ᠶ᠋ᠢᠠᠨ ᠴᠣᠭᠴᠠᠯᠠᠬᠤ ᠮᠠᠯᠴᠢᠨ ᠳ᠋ᠠ !
ᠳᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠤᠷᠭᠢᠯ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 25 ᠤ ᠡᠲᠦᠷ
