ᠵᠤᠭᠠᠴᠠᠯ ᠤᠨ ᠵᠤᠭ᠎ᠠ - ᠲ ᠂ ᠭᠣᠮᠪᠣᠵᠠᠪ Зугаацлын зугаа - Т᠂ Гомбожав
ᠵᠤᠭᠠᠴᠠᠯ ᠤᠨ ᠵᠤᠭ᠎ᠠ
ᠲ ᠂ ᠭᠣᠮᠪᠣᠵᠠᠪ
ᠳᠠᠯᠠᠨ ᠬᠠᠷ᠎ᠠ
ᠬᠥᠮᠦᠨ ᠪ ᠨᠢᠲᠦᠨ ᠳ᠋ᠦ᠍ ᠴᠢ
ᠪᠥᠮᠪᠥᠷᠴᠡᠭ ᠦ᠋ᠨ ᠭᠣᠣᠯ ᠨᠢᠷᠤᠭᠤ ᠪᠢᠰᠢ
ᠪᠥᠷᠭᠦᠳ ᠦ᠋ᠨ ᠵᠢᠭᠦᠷ ᠨᠢᠰᠴᠦ ᠲᠤᠯᠬᠤ ᠦᠭᠡᠢ ᠡᠯᠡᠭᠳᠡᠳᠡᠭ ᠾᠢᠮᠠᠯᠢ ᠠᠭᠤᠯᠠ ᠪᠢᠰᠢ ᠡ
ᠮᠢᠨᠦ ᠨᠢᠲᠦᠨ ᠳ᠋ᠦ᠍ ᠴᠢ
ᠬᠣᠷᠸ᠋᠎ᠠ ᠶ᠋ᠢᠨ ᠨᠣᠶᠠᠨ ᠨᠢᠷᠤᠭᠤ
ᠬᠣᠨᠣᠭ ᠦ᠋ᠨ ᠵᠡᠭᠦᠲᠦᠨ ᠳ᠋ᠦ᠍ ᠨᠠᠷᠠ ᠪᠥᠮᠪᠥᠷᠢᠭᠦᠯᠦᠨ ᠭᠡᠷᠡᠯᠲᠦᠳᠡᠭ ᠾᠢᠮᠠᠯᠢ ᠠᠭᠤᠯᠠ ᠪᠠᠶ᠋ᠢᠨᠠᠮ
ᠳᠠᠯᠠᠨ ᠬᠠᠷ᠎ᠠ ᠡ
ᠴᠢᠮᠠᠶ᠋ᠢ ᠪᠠᠨ ᠲᠦᠰᠢᠵᠦ ᠬᠦᠰᠡᠯ ᠮᠢᠨᠢ ᠤᠷᠭᠤᠵᠤ ᠪᠠᠶ᠋ᠢᠨ᠎ᠠ ᠰᠢᠦ
ᠣᠪᠣᠬ᠋ᠠ
1
ᠬᠡᠭᠡᠷ᠎ᠡ ᠶ᠋ᠢᠨ ᠨᠣᠭᠣᠭᠠᠨ ᠬᠥᠬᠥ
ᠬᠡᠨ ᠢ ᠰᠠᠨᠠᠭᠰᠠᠨ ᠰᠡᠤᠠᠬᠢᠯ ᠪᠢᠯᠡ ᠴᠢ
2
ᠴᠢ ᠮᠢᠨᠢ ᠬᠣᠯᠠ ᠶ᠋ᠢ ᠴᠢᠩᠨᠠᠵᠤ ᠳᠤᠪ ᠳᠤᠭᠤᠢ ᠵᠣᠭᠰᠣᠨ᠎ᠠ
ᠴᠢ ᠲᠡᠷᠡ
ᠬᠡᠢ ᠮᠣᠷᠢ ᠶ᠋ᠢᠨ ᠴᠢᠨᠢ ᠥᠩᠭᠡᠲᠦ ᠳᠠᠯᠪᠠᠭᠠᠰ ᠶᠠᠭᠤ ᠳᠠᠯᠠᠯᠵᠤ ᠬᠡᠶ᠋ᠢᠰᠦᠨᠡ ᠪᠢᠯᠡ
ᠭᠡᠰᠡᠭ ᠭᠡᠰᠡᠭ ᠶ᠋ᠢᠡᠷ ᠶ᠋ᠢᠡᠨ ᠡᠪ ᠡᠷᠭᠦᠭᠰᠡᠨ ᠴᠢᠯᠠᠭᠤᠳ ᠴᠢᠨᠢ
ᠬᠡᠨ ᠊ᠢ ᠳᠤᠷᠠᠰᠤᠨ ᠵᠡᠭᠦᠲᠦ ᠪᠡᠨ ᠳᠠᠷᠤᠵᠤ ᠬᠡᠪᠲᠡᠨ᠎ᠡ ᠪᠢᠯᠡ ?
3
ᠴᠢᠨᠦ ᠳᠡᠭᠡᠷ᠎ᠡ
ᠲᠩᠷᠢ ᠶ᠋ᠢᠨ ᠨᠢᠲᠦ ᠥᠯᠥᠰᠭᠦᠯᠡᠩ ᠲᠤᠰᠤᠨ᠎ᠠ
ᠲᠡᠨᠥᠭᠦ ᠡᠭᠦᠯᠡᠰ ᠦ᠋ᠨ ᠬᠠᠭᠤᠷᠠᠢ ᠰᠡᠭᠦᠲᠡᠷ ᠥᠯᠥᠨ ᠡᠷᠭᠢᠴᠡᠨ᠎ᠡ
ᠲᠡᠭᠡᠬᠦ ᠲᠤᠲᠤᠮ ᠴᠢᠨᠦ ᠨᠣᠶ᠋ᠢᠷ ᠂ ᠤᠯᠠᠮ ᠤᠯᠠᠮ ᠰᠡᠷᠭᠦᠨ᠎ᠡ
4
ᠬᠠᠶᠠ ᠨᠢᠭᠡ ᠶᠠᠲᠠᠷᠠᠭᠰᠠᠨ ᠪᠥᠷᠭᠦᠳ ᠢᠷᠡᠵᠦ
ᠬᠠᠶ᠋ᠢᠷ ᠊ᠢ ᠴᠢᠨᠢ ᠳᠣᠯᠢᠶᠠᠨ ᠵᠦᠳᠡᠭᠰᠡᠨ ᠲᠠᠮᠢᠷ ᠶ᠋ᠢᠠᠨ ᠰᠡᠯᠪᠢᠨ᠎ᠡ
ᠲᠡᠭᠡᠬᠦ ᠳ᠋ᠦ᠍ ᠂ ᠴᠢ
ᠡᠯᠡᠭᠳᠡᠭᠰᠡᠨ ᠲᠣᠮᠣ ᠳᠠᠯᠠᠪᠴᠢ ᠶ᠋ᠢ ᠨᠢ ᠲᠡᠪᠡᠷᠢᠵᠦ
ᠡᠯᠡᠰᠦᠨ ᠳ᠋ᠦ᠍ ᠱᠠᠵᠢᠭᠢᠨᠠᠬᠤ ᠬᠥᠯ ᠦ᠋ᠨ ᠴᠢᠮᠡᠭᠡ ᠴᠢᠩᠨᠠᠲᠠᠭ ᠶᠤᠮ ᠪᠢᠯᠡ
5
ᠨᠠᠷᠢᠨ ᠡᠪᠡᠰᠦ ᠪᠡᠨ ᠲᠠᠨᠢᠨ᠎ᠠ
ᠨᠠᠮᠠᠶ᠋ᠢ ᠴᠢ ᠲᠠᠨᠢᠬᠤ ᠦᠭᠡᠢ ᠂ ᠭᠡᠪᠡᠴᠦ —
ᠬᠦᠰᠡᠯ ᠪᠣᠯᠭᠠᠵᠤ ᠴᠢᠨᠦᠬᠢ ᠪᠡᠨ ᠳᠡᠭᠡᠷ᠎ᠡ ᠪᠢ
ᠴᠢᠯᠠᠭᠤ ᠥᠷᠥᠬᠦ ᠤᠴᠢᠷ ᠲᠠᠢ ᠪᠢᠯᠡ
ᠬᠥᠯᠦᠭ ᠪᠣᠯᠵᠤ ᠴᠢᠨᠦᠬᠢ ᠪᠡᠨ ᠡᠮᠦᠨ᠎ᠡ ᠪᠢ
ᠱᠣᠭᠰᠢᠵᠤ ᠭᠦᠶᠦᠬᠦ ᠤᠴᠢᠷ ᠲᠠᠢ ᠪᠢᠯᠡ !
1986.9
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠲᠡᠭᠷᠢ ᠡᠵᠢ
ᠬᠢᠨᠠᠭᠴᠢ ᠄ ᠴᠣᠯᠮᠣᠨᠲᠤᠶᠠᠭ᠎ᠠ
2023 ᠂ 4 ᠂ 23 ᠪ ᠡᠲᠦᠷ
