ᠠᠮᠵᠢ ᠶ᠋ᠢᠨ ᠨᠠᠭᠤᠷ ᠶ᠋ᠢᠠᠨ ᠪᠢ ᠬᠠᠶ᠋ᠢᠷᠠᠯᠠᠨ᠎ᠠ ( ᠣᠷᠱᠤᠨ ᠭᠣᠣᠯ ) - ᠦᠭᠡ ᠂ ᠠᠶ᠎ᠠ ᠄ ᠸᠠᠴᠢᠷᠵᠠᠪ Амжийн нуураа би хайрлана ( Оршин гол ) – Үг ᠂ Ая ᠄ Вачиржав
ᠠᠮᠵᠢ ᠶ᠋ᠢᠨ ᠨᠠᠭᠤᠷ ᠶ᠋ᠢᠠᠨ ᠪᠢ ᠬᠠᠶ᠋ᠢᠷᠠᠯᠠᠨ᠎ᠠ
ᠦᠭᠡ ᠂ ᠠᠶ᠎ᠠ ᠄ ᠸᠠᠴᠢᠷᠵᠠᠪ
ᠦᠯᠢᠶᠡᠬᠦ ᠰᠠᠯᠬᠢᠨ ᠳ᠋ᠤ᠌ ᠮᠢᠷᠠᠯᠵᠠᠭᠰᠠᠨ
ᠦᠶᠡᠲᠦ ᠬᠤᠯᠤᠰᠤᠨ ᠰᠢᠭᠤᠢ ᠲᠠᠢ
ᠥᠩ ᠰᠢᠮᠡᠯᠢᠭ ᠳᠡᠨᠵᠢ ᠪᠡᠷ ᠶ᠋ᠢᠡᠨ
ᠦᠷᠡᠵᠢᠯᠲᠦ ᠰᠥᠷᠦᠭ ᠦ᠋ᠨ ᠰᠢᠭᠢᠤᠠᠬᠡ ᠲᠡᠢ
ᠠ ᠬᠠ ᠠ ᠬᠠ ᠬᠥ ᠠ ᠬᠠ ᠠ ᠬᠠ ᠠ ᠬᠠ ᠬᠥ
ᠠᠮᠵᠢ ᠶ᠋ᠢᠨ ᠨᠠᠭᠤᠷ ᠶ᠋ᠢᠠᠨ ᠪᠢ ᠬᠠᠶ᠋ᠢᠷᠠᠯᠠᠨ᠎ᠠ
ᠲᠤᠩᠭᠠᠯᠠᠭ ᠰᠠᠷᠠᠨ ᠪ ᠲᠤᠶᠠᠭᠠᠨ ᠳ᠋ᠤ᠌
ᠲᠤᠨᠤᠯᠵᠠᠨ ᠮᠡᠯᠮᠡᠯᠵᠡᠭᠰᠡᠨ ᠳᠣᠯᠭᠢᠶᠠᠨ ᠲᠠᠢ ᠂
ᠲᠣᠷᠭᠠᠨ ᠵᠥᠭᠡᠯᠡᠨ ᠵᠠᠮᠠᠭ ᠲᠠᠭᠠᠨ
ᠲᠣᠭᠯᠠᠬᠤ ᠵᠢᠭᠠᠰᠤᠨ ᠪ ᠢᠷᠠᠯᠵᠠᠭᠠᠨ ᠲᠠᠢ
ᠳᠠᠬᠢᠯᠲᠠ
ᠨᠠᠶ᠋ᠢᠭᠤᠨ ᠭᠠᠩᠬᠤᠬᠤ ᠬᠤᠯᠤᠰᠤᠨ ᠳ᠋ᠤᠨᠢ
ᠨᠠᠷᠭᠢᠶᠠᠨᠲᠤ ᠬᠦᠲᠡᠯᠮᠦᠷᠢ ᠶ᠋ᠢᠨ ᠳᠠᠭᠤᠯᠠᠯ ᠲᠠᠢ ᠂
ᠨᠡᠯᠦᠶ᠋ᠢᠨ ᠴᠡᠩᠬᠡᠷᠯᠡᠬᠦ ᠤᠰᠤᠨ ᠳ᠋ᠤᠨᠢ
ᠨᠤᠭᠤᠰᠤ ᠭᠠᠯᠠᠭᠤ ᠶ᠋ᠢᠨ ᠳᠣᠩᠭᠣᠳᠣᠭᠠᠨ ᠲᠠᠢ ᠃
ᠳᠠᠬᠢᠯᠲᠠ
ᠬᠥᠮᠦᠰ ᠦ᠋ᠨ ᠰᠡᠤᠠᠬᠢᠯ ᠊ᠢ ᠪᠠᠶᠠᠰᠬᠠᠭᠰᠠᠨ
ᠬᠥᠭᠵᠢᠯ ᠳᠠᠭᠤᠯᠠᠯ ᠴᠤᠤᠷᠢᠶᠠᠲᠤᠭᠰᠠᠨ ᠂
ᠬᠦᠲᠡᠯᠮᠦᠷᠢ ᠲᠡᠮᠡᠴᠡᠯ ᠦᠷᠨᠢᠭᠰᠡᠨ
ᠬᠦᠰᠡᠯᠡᠩ ᠦ᠋ᠨ ᠵᠢᠷᠤᠭ ᠲᠣᠲᠤᠷᠠᠭᠰᠠᠨ ᠃
ᠳᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 24 ᠤ ᠡᠲᠦᠷ
