ᠣᠷᠱᠤᠨ ᠪ ᠵᠤᠰᠠᠯᠠᠩ( ᠣᠷᠱᠤᠨ ᠭᠣᠣᠯ ) - ᠦᠭᠡ : ᠵᠣ᠋ ᠂ ᠫᠦᠷᠪᠦᠵᠠᠪ ᠂ ᠠᠶ᠎ᠠ ᠄ ᠸᠠᠴᠢᠷᠵᠠᠪ Оршны зуслан ( Оршин гол ) – Үг : З · Пүрэвжав ᠂ Ая ᠄ Вачиржав ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠱᠤᠨ ᠪ ᠵᠤᠰᠠᠯᠠᠩ( ᠣᠷᠱᠤᠨ ᠭᠣᠣᠯ ) - ᠦᠭᠡ : ᠵᠣ᠋ ᠂ ᠫᠦᠷᠪᠦᠵᠠᠪ ᠂ ᠠᠶ᠎ᠠ ᠄ ᠸᠠᠴᠢᠷᠵᠠᠪ Оршны зуслан ( Оршин гол ) – Үг : З · Пүрэвжав ᠂ Ая ᠄ Вачиржав

ᠣᠷᠱᠤᠨ ᠪ ᠵᠤᠰᠠᠯᠠᠩ( ᠣᠷᠱᠤᠨ ᠭᠣᠣᠯ ) - ᠦᠭᠡ : ᠵᠣ᠋ ᠂ ᠫᠦᠷᠪᠦᠵᠠᠪ ᠂ ᠠᠶ᠎ᠠ ᠄ ᠸᠠᠴᠢᠷᠵᠠᠪ Оршны зуслан ( Оршин гол ) – Үг : З · Пүрэвжав ᠂ Ая ᠄ Вачиржав

ᠠᠩᠭᠢᠯᠠᠯ:ᠳᠠᠭᠤᠤ ᠬᠥᠭᠵᠢᠮ
2023-04-25

341

ᠣᠷᠱᠤᠨ ᠪ ᠵᠤᠰᠠᠯᠠᠩ


          ᠦᠭᠡ ᠄ ᠵᠣ᠋ ᠂ ᠫᠦᠷᠪᠦᠵᠠᠪ  
           ᠠᠶ᠎ᠠ ᠄ ᠸᠴᠢᠷᠵᠠᠪ 

 ᠪᠤᠶ᠋ᠢᠷ ᠬᠥᠯᠥᠨ ᠊ᠢ ᠨᠠᠶ᠋ᠢᠵᠠᠯᠠᠭᠤᠯᠤᠭᠰᠠᠨ 
 ᠪᠤᠯᠠᠩᠭᠢᠷ ᠦᠭᠡᠢ ᠤᠷᠤᠰᠬᠠᠯ ᠲᠠᠢ 
 ᠪᠤᠮᠠᠨ ᠰᠦᠷᠦᠭ ᠊ᠢ ᠮᠢᠨᠢ ᠤᠮᠲᠠᠯᠠᠭᠰᠠᠨ 
 ᠪᠠᠷᠭᠤ ᠶ᠋ᠢᠨ ᠪᠠᠶᠠᠨ ᠣᠷᠱᠤᠨ ᠮᠢᠨᠢ 
 ᠤᠷᠠᠨ ᠬᠥᠬᠥᠭᠡ ᠶ᠋ᠢᠨ ᠳᠣᠩᠭᠣᠳᠤᠭᠠᠨ ᠲᠠᠢ 
 ᠣᠷᠱᠤᠨ ᠵᠤᠰᠠᠯᠠᠩ ᠭᠣᠶᠣᠬᠠᠨ ᠳ᠋ᠠ ᠃ 

 ᠬᠣᠨᠢᠨ ᠰᠦᠷᠦᠭ ᠪᠡᠯᠴᠢᠭᠰᠡᠨ
 ᠬᠣᠭᠣᠯᠠᠢ ᠰᠢᠯᠢ ᠶ᠋ᠢᠨ ᠪᠡᠯᠴᠢᠭᠡᠷ ᠲᠡᠢ ᠂
 ᠬᠣᠷᠯᠣ ᠲᠣᠭᠤᠨᠠᠲᠠᠨ ᠵᠢᠭᠳᠡᠷᠡᠭᠰᠡᠨ
 ᠬᠣᠷᠭᠣᠢ ᠲᠣᠷᠬ᠋᠎ᠠ ᠰᠢᠭ᠋ ᠲᠣᠬᠣᠢ ᠲᠠᠢ ᠃
 ᠤᠭᠤᠷᠠᠭ ᠰᠦ᠋ ᠶ᠋ᠢᠨ ᠲᠡᠵᠢᠭᠡᠯ ᠲᠡᠢ 
 ᠣᠷᠱᠤᠨ ᠪ ᠵᠤᠰᠠᠯᠠᠩ ᠭᠣᠶᠣᠬᠠᠨ ᠳ᠋ᠠ ᠃ 

 ᠰᠠᠨᠠᠬ᠋᠎ᠠ ᠰᠠᠶ᠋ᠢᠲᠠᠢ ᠮᠠᠯᠴᠢᠳ
 ᠰᠠᠭᠠᠯᠢ ᠶ᠋ᠢᠨ ᠠᠷᠢᠬᠢ ᠪᠠᠨ  ᠬᠡᠮᠨᠡᠭᠰᠡᠨ ᠂
 ᠰᠠᠷᠠᠭᠤᠯ ᠢᠷᠡᠭᠡᠲᠦᠢ ᠶ᠋ᠢᠨ ᠬᠦᠰᠡᠯᠡᠩ ᠶ᠋ᠢᠡᠨ
 ᠰᠠᠶ᠋ᠢᠬᠠᠨ ᠳᠠᠭᠤᠨ ᠳ᠋ᠠᠭᠠᠨ ᠡᠭᠡᠰᠢᠭ᠌ᠯᠡᠭᠰᠡᠨ ᠃
 ᠤᠷᠲᠤ ᠶ᠋ᠢᠨ ᠳᠠᠭᠤᠨ ᠪ ᠬᠠᠩᠭᠢᠨᠠᠬ᠋᠎ᠠ ᠲᠠᠢ
 ᠣᠷᠱᠤᠨ ᠪ ᠵᠤᠰᠠᠯᠠᠩ ᠨᠠᠷᠭᠢᠶᠠᠨ ᠲᠠᠢ ᠳ᠋ᠠ ᠃ 

ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄   ᠪᠠᠶᠠᠷᠴᠡᠴᠡᠭ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ 4 ᠰᠠᠷ᠎ᠠ ᠶ᠋ᠢᠨ 24  ᠤ ᠡᠲᠦᠷ