ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-10Гүнгийн жуугийн гэгээний алтан сургаал оршивой
ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-10
ᠠᠷᠪᠠ
ᠡᠷᠳᠡᠮ ᠦᠭᠡᠢ ᠤᠬᠠᠭᠠᠨ ᠊ᠢ ᠪᠠᠯᠠᠢ ᠵᠣᠷᠢᠭ ᠬᠡᠮᠡᠮᠦᠢ ᠂
ᠡᠯᠳᠡᠪ ᠪᠡᠷᠬᠡ ᠶ᠋ᠢᠨ ᠤᠬᠠᠭᠠᠨ ᠢ᠋ᠶ᠋ᠠᠷ ᠰᠠᠯᠠᠩ ᠳᠡᠭᠡᠷ᠎ᠡ ᠪᠣᠯᠬᠢ ᠪᠣᠢ ᠂
ᠡᠷᠳᠡᠮ ᠪᠢᠴᠢᠭ ᠤᠬᠠᠭᠠᠨ ᠊ᠢ ᠭᠦᠨ ᠪᠡᠯᠡᠭ ᠪᠣᠯᠭᠠᠮᠤᠢ ᠂
ᠡᠳ᠋ᠯᠡᠬᠦᠢ ᠳ᠋ᠦ᠍ᠷ ᠬᠤᠷᠴᠠ ᠪᠥᠭᠡᠳ ᠮᠡᠷᠭᠡᠨ ᠤᠯᠠᠮ ᠳᠠᠭᠵᠢᠮᠤᠢ ᠃
ᠪᠤᠶᠠᠨ ᠦᠭᠡᠢ ᠵᠠᠷᠢᠮ ᠦ᠋ᠳ ᠢ᠋ᠶ᠋ᠡᠷ ᠪᠢᠴᠢᠭ ᠱᠠᠰᠲᠢᠷ ᠰᠤᠷᠭᠠᠯ ᠊ᠢ ᠂
ᠪᠣᠯᠣᠰᠢ ᠦᠭᠡᠢ ᠬᠠᠷ᠎ᠠ ᠰᠡᠳᠬᠢᠯ ᠡᠭᠦᠰᠬᠡᠳᠡᠭ ᠬᠡᠮᠡᠮᠦᠢ ᠂
ᠪᠣᠭᠳᠠ ᠮᠡᠷᠭᠡᠳ ᠵᠣᠬᠢᠶᠠᠭᠰᠠᠨ ᠱᠠᠰᠲᠢᠷ ᠪᠢᠴᠢᠭ ᠪᠦᠭᠦᠳᠡ ᠂
ᠪᠤᠷᠤᠭᠤ ᠦᠵᠡᠯ ᠳᠦᠷᠦᠭᠦᠯᠬᠦᠢ ᠶ᠋ᠢ ᠳᠠᠭᠠᠭᠤᠯᠤᠭᠰᠠᠨ ᠪᠣᠯᠤᠮᠤᠢ ᠃
ᠮᠠᠰᠢ ᠮᠠᠭᠤ ᠴᠢᠨᠠᠷᠲᠠᠨ ᠢ᠋ᠶ᠋ᠠᠷ ᠪᠤᠷᠤᠭᠤ ᠪᠠᠷ ᠡᠳ᠋ᠯᠡᠭᠡᠳ ᠂
ᠮᠠᠭᠤ ᠨᠡᠷ᠎ᠡ ᠶ᠋ᠢ ᠮᠣᠩᠭᠣᠯ ᠪᠢᠴᠢᠭ ᠡᠭᠦᠷᠦᠭᠰᠡᠨ ᠪᠣᠯᠤᠯᠲᠠᠢ ᠂
ᠮᠠᠭᠠᠳ ᠦᠨᠡᠨ ᠤᠴᠢᠷ ᠤᠳᠬ᠎ᠠ ᠶ᠋ᠢ ᠬᠢᠨᠠᠮᠵᠢᠯᠠᠬᠤ ᠪᠣᠯᠪᠠᠰᠤ ᠂
ᠮᠠᠩᠯᠠᠢ ᠶᠡᠬᠡ ᠭᠦᠨ ᠪᠠ ᠠᠪᠬᠤᠢ ᠪᠢᠴᠢᠭ ᠱᠠᠰᠲᠢᠷ ᠳᠡᠭᠡᠳᠦ ᠃
ᠪᠠᠲᠤ ᠤᠴᠢᠷ ᠲᠡᠶ᠋ᠢᠮᠦ ᠶ᠋ᠢᠨ ᠲᠤᠯᠠ ᠠᠬ᠎ᠠ ᠶᠡᠬᠡᠰ ᠪᠣᠯᠤᠭᠴᠢᠳ ᠂
ᠪᠠᠭ᠎ᠠ ᠨᠠᠰᠤᠨ ᠬᠥᠪᠡᠭᠦᠨ ᠊ᠢ ᠭᠡᠷ ᠡᠴᠡ ᠬᠣᠯᠠᠬᠠᠨ ᠂
ᠪᠠᠭᠰᠢ ᠪᠣᠯᠬᠤ ᠵᠣᠬᠢᠰᠲᠠᠶᠠ ᠡᠷᠳᠡᠮᠲᠡᠨ ᠊ᠢ ᠲᠦᠰᠢᠭᠦᠯ ᠂
ᠪᠠᠯᠠᠢ ᠵᠣᠷᠢᠭ ᠮᠡᠷᠭᠡᠨ ᠪᠣᠯᠬᠤ ᠪᠠᠭ᠎ᠠ ᠪᠤᠰᠤ ᠪᠡᠷᠬᠡ ᠪᠣᠢ ᠃
ᠡᠴᠢᠭᠡ ᠡᠬᠡ ᠠᠬ᠎ᠠ ᠶᠡᠬᠡᠰ ᠳᠠᠰᠤᠯᠴᠠᠵᠤ ᠬᠡᠲᠦᠷᠡᠭᠡᠳ ᠂
ᠡᠨᠡ ᠮᠡᠲᠦ ᠪᠠᠭ᠎ᠠ ᠳᠡᠭᠡᠷ᠎ᠡ ᠶᠠᠭᠠᠬᠢᠨ ᠰᠠᠯᠬᠤ ᠬᠡᠮᠡᠮᠦᠢ ᠂
ᠡᠷᠯᠢᠭ ᠢ᠋ᠶ᠋ᠡᠷ ᠭᠦᠴᠦᠯᠡᠭᠲᠡᠨ ᠰᠠᠯᠤᠯᠴᠠᠬᠤ ᠶ᠋ᠢ ᠮᠡᠳᠡᠪᠡᠯ ᠂
ᠡᠷᠲᠡᠬᠡᠨ ᠢ᠋ᠶ᠋ᠡᠷ ᠰᠠᠯᠭᠠᠪᠠᠰᠤ ᠬᠥᠮᠦᠨ ᠵᠠᠮ ᠊ᠢ ᠣᠯᠤᠮᠤᠢ ᠃
ᠦᠨᠡᠨ ᠲᠤᠰᠠ ᠶ᠋ᠢ ᠳᠠᠭᠠᠭᠤᠯᠤᠭᠰᠠᠨ ᠪᠠᠭᠰᠢ ᠳᠣᠭᠰᠢᠨ ᠪᠣᠯᠪᠠᠰᠤ ᠂
ᠥᠮᠥᠭᠡᠷᠡᠵᠦ ᠭᠠᠶ᠋ᠢᠬᠠᠭᠤᠯᠤᠭᠠᠳ ᠪᠠᠶ᠋ᠢᠶ᠎ᠠ ᠪᠠᠶ᠋ᠢᠶ᠎ᠠ ᠬᠡᠮᠡᠮᠦᠢ ᠂
ᠦᠨᠡᠷᠬᠡᠭᠴᠢ ᠲᠠᠨ ᠤ᠋ ᠪᠡᠶ᠎ᠡ ᠮᠥᠩᠬᠡ ᠪᠤᠰᠤ ᠪᠣᠯᠪᠠᠰᠤ ᠂
ᠣᠶᠤᠨ ᠬᠥᠮᠦᠨ ᠮᠡᠷᠭᠡᠨ ᠡᠷᠳᠡᠮ ᠬᠣᠴᠣᠷᠭᠠᠬᠤ ᠶ᠋ᠢ ᠮᠡᠳᠡᠨ᠎ᠡ ᠤᠤ ᠃
ᠴᠣᠬᠣᠷ ᠮᠣᠷᠢ ᠵᠢᠰᠦᠨ ᠳᠡᠭᠡᠷ᠎ᠡ ᠵᠢᠷᠣᠭ᠎ᠠ ᠰᠠᠶ᠋ᠢᠲᠠᠢ ᠪᠣᠯᠪᠠᠰᠤ ᠂
ᠴᠤᠤ ᠠᠯᠳᠠᠷ ᠶᠡᠬᠡᠳᠡᠭᠡᠳ ᠥᠷᠲᠡᠭ ᠣᠯᠬᠤ ᠪᠠᠶ᠋ᠢᠲᠠᠯᠡ ᠂
ᠴᠣᠭᠲᠤ ᠬᠥᠮᠦᠨ ᠡᠷᠳᠡᠮ ᠲᠡᠭᠦᠰ ᠣᠶᠤᠨ ᠬᠤᠷᠴᠠ ᠪᠣᠯᠪᠠᠰᠤ ᠂
ᠴᠣᠯᠠ ᠠᠯᠳᠠᠷ ᠣᠯᠬᠤ ᠠᠨᠤ ᠬᠡᠯᠡᠬᠦ ᠶᠠᠭᠤᠨ ᠬᠡᠷᠡᠭ ᠪᠣᠢ ᠃
ᠤᠰᠬᠠᠯ ᠤᠷᠠᠨ ᠠᠭᠠᠯᠢ ᠪᠠᠷ ᠬᠡᠯᠡ ᠵᠥᠭᠡᠯᠡᠨ ᠪᠣᠯᠪᠠᠰᠤ ᠂
ᠣᠯᠠᠨ ᠪᠦᠬᠦᠢ ᠨᠥᠬᠥᠷ ᠪᠣᠯᠵᠤ ᠣᠮᠣᠭᠳᠠᠨ ᠊ᠢ ᠰᠢᠨᠲᠠᠯᠤᠮᠤᠢ ᠂
ᠣᠰᠣᠯ ᠴᠢᠨᠠᠷ ᠵᠥᠭᠡᠯᠡᠨ ᠢ᠋ᠶ᠋ᠡᠷ ᠬᠦᠴᠦᠨ ᠲᠡᠭᠦᠰ ᠪᠣᠯᠤᠭᠠᠳ ᠂
ᠣᠬᠢ ᠪᠠᠲᠤ ᠠᠭᠤᠯᠠ ᠲᠠᠯ᠎ᠠ ᠶ᠋ᠢ ᠠᠭᠤᠵᠢᠮ ᠢ᠋ᠶ᠋ᠠᠷ ᠡᠪᠳᠡᠮᠦᠢ ᠃
ᠡᠷᠬᠡ ᠶᠡᠬᠡ ᠶ᠋ᠢ ᠥᠪᠴᠢ ᠪᠡᠷ ᠣᠮᠣᠭ ᠥᠨᠳᠥᠷ ᠪᠣᠯᠪᠠᠰᠤ ᠂
ᠡᠪᠲᠦ ᠬᠥᠮᠦᠨ ᠦ᠌ ᠲᠣᠭᠯᠠᠭᠠᠮ ᠪᠣᠯᠵᠤ ᠪᠠᠭᠤᠷᠠᠯ ᠳ᠋ᠤᠷ ᠬᠦᠷᠦᠮᠦᠢ ᠂
ᠡᠷᠡᠯᠬᠡᠭᠰᠡᠨ ᠠᠷᠰᠯᠠᠨ ᠣᠮᠣᠭ ᠲᠠᠭᠠᠨ ᠰᠣᠭᠲᠣᠵᠤ ᠂
ᠡᠪᠲᠦ ᠰᠤᠮᠤ ᠬᠠᠷᠪᠤᠭᠴᠢ ᠳ᠋ᠤᠷ ᠠᠮᠢ ᠶᠤᠭᠠᠨ ᠠᠯᠳᠠᠮᠤᠢ ᠃
ᠶᠠᠳᠠᠭ ᠡᠨᠡ ᠴᠥᠪ ᠦ᠋ᠨ ᠴᠠᠭ ᠤ᠋ᠨ ᠶᠡᠬᠡ ᠪᠠᠭ᠎ᠠ ᠪᠦᠭᠦᠳᠡ ᠂
ᠶᠠᠭᠠᠷᠠᠵᠤ ᠣᠮᠣᠭ ᠵᠢᠭᠠᠨ ᠬᠥᠮᠦᠨ ᠊ᠢ ᠭᠣᠮᠣᠳᠠᠭᠠᠨ ᠂
ᠶᠠᠯᠠᠷᠬᠠᠭᠰᠠᠨ ᠬᠠᠪᠠᠷ ᠢ᠋ᠶ᠋ᠠᠨ ᠰᠢᠨᠲᠠᠯᠤᠭᠳᠠᠨ ᠪᠤᠴᠠᠭᠴᠢ ᠂
ᠶᠠᠰᠤ ᠮᠢᠬᠠᠨ ᠴᠢᠨᠠᠷᠲᠠᠨ ᠤ᠋ ᠮᠤᠩᠬᠠᠭ ᠳᠦᠷᠢ ᠲᠡᠷᠡ ᠪᠣᠢ ᠃
ᠤᠬᠠᠭᠠᠨ ᠬᠦᠴᠦᠨ ᠲᠡᠭᠦᠰ ᠮᠡᠷᠭᠡᠨ ᠬᠥᠮᠦᠨ ᠪᠣᠯᠪᠠᠰᠤ ᠂
ᠤᠰᠬᠠᠯ ᠤᠷᠠᠨ ᠠᠭᠠᠯᠢ ᠪᠠᠷ ᠬᠡᠷᠡᠭ ᠪᠦᠬᠦᠨ ᠊ᠢ ᠨᠡᠪᠲᠡᠯᠦᠮᠦᠢ ᠂
ᠤᠷᠪᠠᠯᠲᠠ ᠦᠭᠡᠢ ᠪᠠᠲᠤ ᠳᠡᠭᠡᠷ᠎ᠡ ᠡᠪ ᠦ᠋ᠨ ᠳᠣᠲᠣᠷ᠎ᠠ ᠪᠣᠯᠬᠤᠯ᠎ᠠ ᠂
ᠤᠯᠠᠷᠢᠬᠤ ᠤᠴᠢᠷ ᠠᠨᠤ ᠨᠢᠭᠡᠬᠡᠨ ᠢ᠋ᠶ᠋ᠡᠷ ᠦᠭᠡᠢ ᠯᠡ ᠃
ᠦᠨᠡᠨ ᠤᠴᠢᠷ ᠲᠡᠶ᠋ᠢᠮᠦ ᠶ᠋ᠢᠨ ᠲᠤᠯᠠ ᠶᠡᠬᠡ ᠪᠠᠭ᠎ᠠ ᠪᠦᠭᠦᠳᠡ ᠂
ᠦᠨᠡᠷᠬᠡᠭᠴᠢ ᠣᠮᠣᠭ ᠢ᠋ᠶ᠋ᠠᠨ ᠡᠷᠲᠡᠬᠡᠨ ᠡᠴᠡ ᠣᠷᠬᠢᠯᠲᠠᠢ ᠂
ᠦᠨᠳᠦᠰᠦ ᠦᠭᠡᠢ ᠬᠣᠣᠷᠯᠠᠭᠴᠢ ᠭᠠᠯ ᠬᠣᠣᠷ ᠲᠡᠷᠡ ᠪᠣᠢ ᠂
ᠦᠷᠭᠦᠯᠵᠢᠳᠡ ᠬᠢᠴᠢᠶᠡᠵᠦ ᠵᠥᠭᠡᠯᠡᠨ ᠢ᠋ᠶ᠋ᠡᠷ ᠡᠨᠡᠷᠢᠵᠦ ᠃
ᠥᠨᠳᠥᠷ ᠶᠡᠬᠡ ᠶ᠋ᠢ ᠣᠯᠪᠠᠴᠤ ᠠᠭᠠᠯᠢ ᠪᠠᠨ ᠳᠣᠣᠷᠠᠬᠠᠨ ᠂
ᠥᠰᠢᠶᠡᠲᠦ ᠲᠠᠶ᠋ᠢᠰᠤᠨ ᠪᠣᠯᠪᠠ ᠬᠡᠯᠡᠨ ᠢ᠋ᠶ᠋ᠡᠨ ᠠᠷᠢᠭᠤᠳᠬᠠ ᠂
ᠦᠨᠡᠨ ᠪᠡᠷᠬᠡ ᠤᠴᠢᠷ ᠪᠣᠯᠪᠠ ᠰᠡᠳᠬᠢᠯ ᠢ᠋ᠶ᠋ᠡᠨ ᠠᠭᠤᠳᠬᠠ ᠂
ᠦᠨᠲᠤᠷᠴᠢᠯᠡᠨ ᠬᠡᠯᠡᠬᠦ ᠪᠣᠯᠪᠠ ᠳᠥᠯᠭᠡᠨ ᠢ᠋ᠶ᠋ᠡᠷ ᠨᠢᠭᠲᠠᠯᠠ ᠃
ᠬᠡᠯᠡ ᠦᠭᠡᠢ ᠮᠡᠲᠦ ᠪᠣᠯᠵᠤ ᠬᠡᠷᠡᠯᠲᠦᠭᠰᠡᠨ ᠡᠴᠡ ᠴᠦ᠍ ᠂
ᠬᠡᠪ ᠊ᠢ ᠣᠯᠵᠤ ᠵᠥᠭᠡᠯᠡᠨ ᠢ᠋ᠶ᠋ᠡᠷ ᠬᠡᠯᠡᠯᠴᠡᠭᠰᠡᠨ ᠳᠡᠭᠡᠷ᠎ᠡ ᠂
ᠬᠡᠳᠡᠷ ᠨᠣᠬᠠᠢ ᠮᠡᠲᠦ ᠪᠣᠯᠵᠤ ᠬᠡᠷᠡᠯᠲᠦᠭᠰᠡᠨ ᠡᠴᠡ ᠴᠦ᠍ ᠂
ᠬᠡᠳᠦᠨ ᠲᠣᠪᠴᠢ ᠦᠭᠡᠰ ᠢ᠋ᠶ᠋ᠡᠷ ᠴᠠᠬᠢᠯᠠᠭᠰᠠᠨ ᠴᠤ᠌ ᠳᠡᠭᠡᠷ᠎ᠡ ᠃
ᠠᠯᠢ ᠪᠦᠬᠦᠢ ᠶᠠᠪᠤᠳᠠᠯ ᠳ᠋ᠤᠷ ᠣᠮᠣᠭ ᠬᠦᠴᠦᠨ ᠵᠢᠭᠠᠵᠤ ᠂
ᠠᠮᠢ ᠪᠡᠶ᠎ᠡ ᠶ᠋ᠢ ᠵᠣᠪᠠᠭᠠᠵᠤ ᠲᠠᠷᠴᠢᠯᠠᠭᠰᠠᠨ ᠠ᠋ᠴᠠ ᠴᠤ᠌ ᠂
ᠠᠷᠭ᠎ᠠ ᠡᠪ ᠊ᠢ ᠣᠯᠪᠠᠰᠤ ᠪᠡᠶ᠎ᠡ ᠰᠡᠳᠬᠢᠯ ᠠᠮᠤᠷᠬᠠᠨ ᠂
ᠠᠮᠤᠷ ᠦᠭᠡᠢ ᠣᠷᠴᠢᠯᠠᠩ ᠤ᠋ᠨ ᠮᠠᠩᠯᠠᠢ ᠠᠨᠤ ᠲᠡᠷᠡ ᠰᠢᠦ ᠃
ᠭᠤᠶᠤᠪᠠᠴᠤ ᠮᠤᠩᠬᠠᠭ ᠦ᠋ᠳ ᠲᠣᠷ ᠬᠡᠷᠡᠭ ᠢᠨᠤ ᠥᠴᠦᠬᠡᠨ ᠂
ᠬᠣᠪᠲᠣᠪᠠᠴᠤ ᠤᠬᠠᠭᠠᠲᠠᠨ ᠳ᠋ᠤᠷ ᠮᠡᠷᠭᠡᠨ ᠪᠣᠯᠬᠤ ᠰᠢᠲᠦᠯᠭᠡ ᠂
ᠬᠤᠰᠤᠪᠠᠴᠤ ᠴᠢᠨᠠᠷ ᠠᠨᠤ ᠦᠨᠡᠨ ᠪᠠᠲᠤ ᠰᠤᠷᠭᠠᠯ ᠪᠣᠢ ᠂
ᠭᠣᠯᠣᠪᠠᠴᠤ ᠣᠷᠬᠢᠭᠳᠠᠬᠤ ᠡᠨᠡ ᠪᠢᠴᠢᠭ ᠪᠣᠯᠲᠤᠭᠠᠢ ᠃
ᠦᠰᠦᠭ ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠤᠤᠠᠬᠠᠨᠰᠤ᠎ᠡ
2023 .4 .22
