ᠰᠠᠯᠬᠢᠲᠤ ᠶ᠋ᠢᠨ ᠰᠢᠯᠢ( ᠣᠷᠱᠤᠨ ᠭᠣᠣᠯ ) - ᠦᠭᠡ : ᠳ᠋ᠠ · ᠴᠣᠯᠮᠣᠨ ᠂ ᠠᠶ᠎ᠠ ᠄ ᠸᠠᠴᠢᠷᠵᠠᠪ Салхитын шил ( Оршин гол ) – Үг : Д ·Цолмон ᠂ Ая ᠄ Вачиржав
ᠰᠠᠯᠬᠢᠲᠤ ᠶ᠋ᠢᠨ ᠰᠢᠯᠢ
ᠦᠭᠡ ᠄ ᠳ᠋ᠠ ·ᠴᠣᠯᠮᠣᠨ
ᠠᠶ᠎ᠠ ᠄ ᠸᠠᠴᠢᠷᠵᠠᠪ
ᠬᠣᠨᠢᠨ ᠪ ᠰᠡᠭᠦᠯ ᠰᠢᠭ᠌ ᠳᠡᠪᠬᠢᠭᠰᠡᠨ
ᠬᠣᠷᠸ᠋᠎ᠠ ᠶ᠋ᠢᠨ ᠴᠡᠩᠬᠡᠷ ᠵᠣ᠋ ᠪᠢᠯᠠ ᠂
ᠬᠣᠶ᠋ᠢᠮᠣᠷ ᠦ᠋ᠨ ᠰᠠᠭᠤᠲᠠᠯ ᠰᠢᠭ᠋ ᠡᠭᠡᠯᠢᠬᠡᠨ
ᠬᠣᠣᠰ ᠦᠭᠡᠢ ᠨᠥᠨᠵᠢᠭ ᠥᠯᠥᠭᠡᠢ ᠪᠢᠯᠡ ᠃
ᠠ ᠠ ᠠ ᠬᠠ ᠬᠥ
ᠰᠠᠯᠬᠢᠲᠤ ᠶ᠋ᠢᠨ ᠰᠠᠶ᠋ᠢᠬᠠᠨ ᠰᠢᠯᠢ ᠮᠢᠨᠢ
ᠰᠠᠨᠠᠭᠠᠨ ᠠ᠋ᠴᠠ ᠭᠠᠷᠤᠮ᠎ᠠ ᠦᠭᠡᠢ ᠣᠷᠣᠨ ᠳ᠋ᠠ ᠬᠥ
ᠵᠤᠰᠠᠯᠠᠩ ᠭᠠᠵᠠᠷ ᠠ᠋ᠴᠠ ᠬᠠᠷᠠᠭᠲᠠᠬᠤ
ᠵᠤᠯᠠᠢ ᠨᠢ ᠴᠡᠩᠬᠡᠷ ᠰᠢᠯᠢ ᠪᠢᠯᠡ ᠂
ᠵᠤᠨ ᠳ᠋ᠠᠭᠠᠨ ᠰᠡᠷᠢᠭᠦᠦ ᠲᠠᠲᠠᠭᠰᠠᠨ
ᠠᠶ᠋ᠢᠯ ᠦ᠋ᠨ ᠥᠶᠥᠭ ᠪᠠᠭᠤᠴᠠ ᠪᠢᠯᠡ ᠃
ᠳᠠᠬᠢᠯᠲᠠ
ᠥᠨᠥᠴᠢᠨ ᠪᠣᠲᠣᠭᠣ ᠥᠬᠡᠭᠦᠯᠡᠬᠦ
ᠥᠩ ᠳᠤᠯᠠᠭᠠᠨ ᠲᠠᠯ᠎ᠠ ᠪᠢᠯᠡ ᠂
ᠡᠲᠦᠷ ᠦ᠋ᠨ ᠨᠠᠷᠠ ᠴᠤᠴᠠᠬᠤ
ᠦᠷᠭᠡᠨ ᠰᠠᠶ᠋ᠢᠬᠠᠨ ᠨᠢᠷᠤᠭᠤ ᠪᠢᠯᠡ ᠃
ᠳᠠᠬᠢᠯᠲᠠ
ᠲᠦᠮᠡᠨ ᠬᠤᠸᠠ ᠦᠬᠡᠷ ᠰᠢᠭ᠌
ᠬᠣᠩᠭᠣᠷ ᠨᠠᠮᠤᠷ ᠲᠠᠭᠠᠨ ᠠᠯᠲᠠ ᠪᠢᠯᠡ ᠂
ᠲᠡᠪᠰᠢ ᠲᠡᠢ ᠴᠠᠭᠠᠨ ᠢᠲᠡᠭᠡ ᠰᠢᠭ᠌
ᠡᠪᠦᠯ ᠦ᠋ᠨ ᠴᠠᠭ ᠲᠠᠭᠠᠨ ᠮᠥᠩᠭᠥ ᠪᠢᠯᠡ ᠃
ᠳᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠣᠷᠭᠢᠯ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 24 ᠤ ᠡᠲᠦᠷ
