ᠱᠠᠩᠨᠠᠯ ᠭᠠᠷᠲᠠᠭᠰᠠᠨ ᠮᠡᠷᠭᠡᠨ ᠵᠢᠷᠤᠭᠴᠢᠨШагнал гардсан мэргэн зурагчин ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠱᠠᠩᠨᠠᠯ ᠭᠠᠷᠲᠠᠭᠰᠠᠨ ᠮᠡᠷᠭᠡᠨ ᠵᠢᠷᠤᠭᠴᠢᠨШагнал гардсан мэргэн зурагчин

ᠱᠠᠩᠨᠠᠯ ᠭᠠᠷᠲᠠᠭᠰᠠᠨ ᠮᠡᠷᠭᠡᠨ ᠵᠢᠷᠤᠭᠴᠢᠨШагнал гардсан мэргэн зурагчин

ᠠᠩᠭᠢᠯᠠᠯ:ᠳᠣᠮᠣᠭ ᠦᠯᠢᠭᠡᠷ
2023-04-25

523

ᠱᠠᠩᠨᠠᠯ ᠭᠠᠷᠲᠠᠭᠰᠠᠨ ᠮᠡᠷᠭᠡᠨ ᠵᠢᠷᠤᠭᠴᠢᠨ

  ᠡᠷᠲᠡ ᠤᠷᠢᠳᠤ ᠶ᠋ᠢᠨ ᠴᠠᠭ ᠲᠤ᠌ ᠨᠢᠭᠡ ᠨᠢᠳᠦ ᠨᠢ ᠰᠣᠬᠣᠷ ᠨᠢᠭᠡ ᠬᠥᠯ ᠨᠢ ᠳᠣᠭᠣᠯᠠᠩ ᠨᠢᠭᠡ ᠸᠠᠩ ᠨᠣᠶᠠᠨ ᠪᠠᠶ᠋ᠢᠵᠠᠢ ᠃ ᠸᠠᠩ ᠨᠣᠶᠠᠨ ᠄ ᠬᠡᠨ ᠬᠡᠷᠪᠡ ᠨᠠᠮ᠎ᠠ ᠶ᠋ᠢ ᠭᠣᠶᠣ ᠰᠠᠢᠬᠠᠨ ᠵᠢᠷᠤᠵᠤ ᠴᠢᠳᠠᠪᠠᠯ ᠲᠡᠭᠦᠨ ᠳ᠋ᠦ᠍ ᠠᠯᠲᠠ ᠮᠥᠩᠭᠥ ᠱᠠᠩᠨᠠᠨ᠎ᠠ ᠭᠡᠵᠦ ᠬᠣᠯᠠ ᠣᠶ᠋ᠢᠷ᠎ᠠ ᠶ᠋ᠢᠨ ᠵᠢᠷᠤᠭᠴᠢᠨ ᠳ᠋ᠤ᠌ ᠵᠠᠷ ᠲᠠᠷᠬᠠᠭᠠᠵᠠᠢ ᠃ ᠨᠢᠭᠡᠨ ᠵᠢᠷᠤᠭᠴᠢᠨ ᠡᠨᠡ ᠵᠠᠷ ᠊ᠢ ᠣᠯᠵᠤ ᠰᠣᠨᠣᠰᠤᠮᠠᠭᠴᠠ ᠨᠣᠶᠠᠨ ᠤ᠋ ᠣᠷᠳᠣᠨ ᠳ᠋ᠤ᠌ ᠬᠦᠷᠴᠦ ᠢᠷᠡᠭᠡᠳ ᠨᠣᠶᠠᠨ ᠊ᠢ ᠵᠢᠷᠤᠬᠤ ᠳ᠋ᠤ᠌ ᠪᠠᠨ ᠰᠣᠬᠣᠷ ᠨᠢᠳᠦ ᠶ᠋ᠢ ᠨᠢ ᠬᠠᠷᠠᠭ᠎ᠠ ᠣᠷᠣᠭᠤᠯᠵᠤ ᠳᠣᠭᠣᠯᠠᠩ ᠬᠥᠯ ᠊ᠢ ᠨᠢ ᠡᠷᠡᠭᠦᠯ ᠪᠣᠯᠭᠠᠨ ᠵᠢᠷᠤᠵᠠᠢ ᠃ ᠸᠠᠩ ᠨᠣᠶᠠᠨ ᠦᠵᠡᠭᠡᠳ ᠠᠭᠤᠷᠯᠠᠬᠤ ᠶ᠋ᠢᠨ ᠶᠡᠬᠡ ᠪᠡᠷ ᠠᠭᠤᠷᠯᠠᠵᠤ ᠲᠡᠷᠡ ᠳᠣᠣᠷ᠎ᠠ ᠨᠢ ᠬᠥᠭᠡᠭᠡᠵᠦ ᠶᠠᠪᠤᠭᠤᠯᠪᠠ ᠃ ᠬᠡᠳᠦᠨ ᠡᠳᠦᠷ ᠦ᠋ᠨ ᠬᠢᠨᠢ ᠳᠠᠷᠠᠭ᠎ᠠ ᠪᠠᠰᠠ ᠨᠢᠭᠡᠨ ᠵᠢᠷᠤᠭᠴᠢᠨ ᠴᠢᠷᠠᠢ ᠳᠦᠭᠦᠷᠡᠩ ᠢᠨᠢᠶᠡᠮᠰᠦᠭᠯᠡᠭᠰᠡᠭᠡᠷ ᠬᠦᠷᠴᠦ ᠢᠷᠡᠭᠡᠳ ᠨᠣᠶᠠᠨ ᠊ᠢ ᠵᠢᠷᠤᠯ᠎ᠠ ᠃ ᠲᠡᠷᠡ ᠵᠢᠷᠤᠭᠴᠢᠨ ᠸᠠᠩ ᠨᠣᠶᠠᠨ ᠊ᠢ ᠮᠥᠨ ᠳᠦᠷᠢ ᠪᠡᠷ ᠨᠢ ᠵᠢᠷᠤᠵᠤ ᠭᠠᠷᠭᠠᠭᠠᠳ ᠢᠲᠡᠭᠡᠯ ᠲᠡᠭᠦᠯᠳᠡᠷ ᠢ᠋ᠶ᠋ᠡᠷ ᠸᠠᠩ ᠨᠣᠶᠠᠨ ᠳ᠋ᠤ᠌ ᠦᠵᠡᠭᠦᠯᠦᠭᠰᠡᠨ ᠳ᠋ᠦ᠍ ᠨᠣᠶᠠᠨ ᠪᠠᠰᠠ ᠶᠡᠬᠡ ᠠᠭᠤᠷᠯᠠᠵᠤ ᠲᠡᠷᠡ ᠵᠢᠷᠤᠭᠴᠢᠨ ᠊ᠢ ᠬᠥᠭᠡᠭᠡᠵᠦ ᠶᠠᠪᠤᠭᠤᠯᠪᠠ ᠃

  ᠢᠩᠭᠢᠭᠡᠳ ᠬᠡᠳᠦᠨ ᠡᠳᠦᠷ ᠦ᠋ᠨ ᠬᠢᠨᠢ ᠳᠠᠷᠠᠭ᠎ᠠ ᠪᠠᠰᠠ ᠨᠢᠭᠡᠨ ᠵᠢᠷᠤᠭᠴᠢᠨ ᠸᠠᠩ ᠤ᠋ᠨ ᠣᠷᠳᠣᠨ ᠳ᠋ᠤ᠌ ᠢᠷᠡᠯ᠎ᠡ ᠃ ᠲᠡᠷᠡ ᠵᠢᠷᠤᠭᠴᠢᠨ ᠨᠣᠶᠠᠨ ᠊ᠢ ᠦᠵᠡᠰᠬᠦᠯᠡᠩᠲᠦ ᠰᠠᠢᠬᠠᠨ ᠠᠭᠤᠯᠠ ᠤᠰᠤᠨ ᠤ᠋ ᠳᠡᠷᠭᠡᠳᠡ ᠳᠠᠭᠠᠭᠤᠯᠤᠨ ᠠᠪᠠᠴᠢᠭᠠᠳ ᠳᠣᠭᠣᠯᠠᠩ ᠬᠥᠯ ᠊ᠢ ᠨᠢ ᠬᠠᠳᠠᠨ ᠳᠡᠭᠡᠷ᠎ᠡ ᠭᠢᠰᠬᠢᠭᠦᠯᠵᠦ ᠂ ᠰᠣᠬᠣᠷ ᠨᠢᠳᠦᠨ ᠳ᠋ᠦ᠍ ᠨᠢ ᠳᠤᠷᠠᠨ ᠲᠠᠭᠠᠷᠠᠭᠤᠯᠤᠨ ᠵᠢᠷᠤᠭᠰᠠᠨ ᠴᠢᠨᠢ ᠨᠣᠶᠠᠨ ᠶᠠᠭ ᠯᠠ ᠠᠯᠤᠰ ᠊ᠢ ᠪᠠᠷᠠᠯᠠᠨ ᠰᠣᠨᠢᠷᠬᠠᠵᠤ ᠪᠠᠶ᠋ᠢᠭ᠎ᠠ ᠮᠡᠲᠦ ᠡᠪᠯᠢᠭ ᠭᠣᠶᠣ ᠬᠠᠷᠠᠭᠳᠠᠵᠤ ᠂ ᠰᠣᠬᠣᠷ ᠳᠣᠭᠣᠯᠠᠩ ᠭᠡᠰᠡᠨ ᠊ᠢ ᠬᠡᠨ ᠴᠦ᠍ ᠦᠵᠡᠵᠦ ᠭᠠᠷᠬᠤ ᠦᠭᠡᠢ ᠵᠢᠷᠤᠭᠰᠠᠨ ᠭᠡᠨ᠎ᠡ ᠃ ᠡᠨᠡ ‍ᠬᠦ ᠵᠢᠷᠤᠭ ᠨᠢ ᠸᠠᠩ ᠨᠣᠶᠠᠨ ᠤ᠋ ᠰᠠᠨᠠᠭᠠᠨ ᠳ᠋ᠤ᠌ ᠨᠢ ᠶᠠᠭ ᠰᠠᠢᠬᠠᠨ ᠨᠡᠶ᠋ᠢᠴᠡᠵᠦ ᠪᠠᠶᠠᠷᠯᠠᠬᠤ ᠳ᠋ᠤ᠌ ᠪᠠᠨ ᠵᠢᠷᠤᠭᠴᠢᠨ ᠊ᠢ ᠣᠷᠳᠣᠨ ᠳ᠋ᠤ᠌ ᠳᠠᠭᠠᠭᠤᠯᠵᠤ ᠠᠪᠠᠴᠢᠭᠠᠳ ᠲᠤᠩ ᠠᠷᠪᠢᠨ ᠠᠯᠲᠠ ᠮᠥᠩᠭᠥ ᠪᠡᠷ ᠱᠠᠩᠨᠠᠨ ᠬᠥᠬᠢᠭᠦᠯᠦᠭᠰᠡᠨ ᠭᠡᠨ᠎ᠡ ᠃

 

  ᠦᠰᠦᠭ ᠬᠠᠲᠠᠭᠰᠠᠨ ᠨᠢ ᠄ ᠮᠥᠩᠭᠦᠨᠴᠡᠴᠡᠭ

  ᠦᠰᠦᠭ ᠠᠮᠢᠯᠠᠭᠤᠯᠤᠭᠰᠠᠨ ᠨᠢ ᠄ᠮᠥᠩᠭᠦᠨᠴᠡᠴᠡᠭ

  ᠬᠢᠨᠠᠭᠴᠢ ᠪᠠᠭᠰᠢ ᠄ᠮᠥᠴᠢᠷ