ᠰᠢᠯᠢ ᠪᠤᠯᠠᠭ ( ᠣᠷᠱᠤᠨ ᠭᠣᠣᠯ ) - ᠦᠭᠡ : ᠲᠠ · ᠰᠤᠭᠠᠷᠵᠠᠪ ᠂ ᠠᠶ᠎ᠠ ᠄ ᠸᠠᠴᠢᠷᠵᠠᠪ Шил булаг ( Оршин гол ) – Үг : Т · Сугаржав ᠂ Ая ᠄ Вачиржав
ᠰᠢᠯᠢ ᠪᠤᠯᠠᠭ
ᠦᠭᠡ ᠄ ᠲᠠ · ᠰᠤᠭᠠᠷᠵᠠᠪ
ᠠᠶ᠎ᠠ ᠄ ᠸᠴᠢᠷᠵᠠᠪ
ᠤᠨᠢᠶᠠᠷᠲᠤᠨ ᠬᠠᠷᠠᠭᠲᠠᠬᠤ ᠰᠢᠯᠢ ᠶ᠋ᠢᠨ ᠤᠷᠤᠢ ᠡᠴᠡ
ᠤᠨᠲᠤᠷᠤᠨ ᠪᠣᠷᠭᠢᠯᠲᠠᠭ ᠱᠠᠩᠲᠤ ᠪᠤᠯᠠᠭ ᠮᠢᠨᠢ
ᠤᠷᠤᠭᠰᠢᠯᠠᠨ ᠳᠡᠭᠵᠢᠷᠡᠬᠦ ᠲᠦᠮᠡᠨ ᠠᠷᠠᠳ ᠦ᠋ᠨ ᠶ᠋ᠢᠠᠨ
ᠤᠷᠮ᠎ᠠ ᠶ᠋ᠢ ᠬᠥᠭᠵᠢᠶᠡᠬᠦ ᠳᠠᠶ᠋ᠢᠴᠢᠨ ᠴᠠᠮᠬᠠᠭ ᠳ᠋ᠠ
ᠠ ᠠ ᠠ ᠬᠠ ᠠ ᠬᠠ ᠬᠦ᠋
ᠤᠷᠮ᠎ᠠ ᠶ᠋ᠢ ᠬᠥᠭᠵᠢᠶᠡᠬᠦ ᠳᠠᠶ᠋ᠢᠴᠢᠨ ᠴᠠᠮᠬᠠᠭ ᠳ᠋ᠠ
ᠡᠩᠭᠡᠷ ᠳᠡᠨᠵᠢ ᠶ᠋ᠢᠨ ᠠᠷᠢᠭᠤᠨ ᠬᠥᠷᠥᠰᠥᠨ ᠡᠴᠡ
ᠡᠷᠴᠢᠯᠡᠨ ᠭᠠᠷᠲᠠᠭ ᠰᠢᠯᠢ ᠪᠤᠯᠠᠭ ᠮᠢᠨᠢ ᠂
ᠡᠵᠡᠨ ᠨᠢ ᠪᠣᠯᠤᠭᠰᠠᠨ ᠦᠷᠡᠰ ᠪᠢᠲᠡᠨ ᠳ᠋ᠡᠭᠡᠨ
ᠡᠬᠡ ᠶ᠋ᠢᠨ ᠰᠦ᠋ ᠶ᠋ᠢᠨ ᠤᠭᠤᠷᠠᠭ ᠰᠢᠮ᠎ᠡ ᠲᠡᠢ ᠳ᠋ᠠ ᠃
ᠠ ᠁
᠁
ᠡᠬᠡ ᠶ᠋ᠢᠨ ᠰᠦ᠋ ᠶ᠋ᠢᠨ ᠤᠭᠤᠷᠠᠭ ᠰᠢᠮ᠎ᠡ ᠲᠠᠢ ᠳ᠋ᠠ ᠃
ᠴᠡᠩᠬᠡᠷᠯᠡᠬᠦ ᠲᠠᠯ᠎ᠠ ᠶ᠋ᠢᠨ ᠡᠯᠢᠭᠡᠨ ᠲᠤᠮᠲᠠ ᠠ᠋ᠴᠠ
ᠰᠢᠮᠡᠵᠢᠭᠦᠯᠦᠨ ᠲᠤᠨᠤᠯᠵᠠᠲᠠᠭ ᠦᠯᠵᠡᠶ᠋ᠢᠲᠦ ᠪᠤᠯᠠᠭ ᠮᠢᠨᠢ ᠂
ᠴᠡᠴᠡᠭᠯᠡᠨ ᠮᠢᠷᠠᠯᠵᠠᠬᠤ ᠡᠷᠢᠨ ᠦᠶ᠎ᠡ ᠶ᠋ᠢᠨ
ᠰᠢᠨ᠎ᠡ ᠪᠦᠲᠦᠭᠡᠯ ᠦ᠋ᠨ ᠪᠡᠯᠭᠡᠲᠡᠯ ᠦ᠋ᠨ ᠷᠠᠰᠢᠶᠠᠨ ᠳ᠋ᠠ ᠃
ᠠ ᠁
᠁
ᠰᠢᠨ᠎ᠡ ᠪᠦᠲᠦᠭᠡᠯ ᠦ᠋ᠨ ᠪᠡᠯᠭᠡᠲᠡᠯ ᠦ᠋ᠨ ᠷᠠᠰᠢᠶᠠᠨ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠳᠠᠰᠢᠮ᠎ᠠ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 24 ᠤ ᠡᠲᠦᠷ
