ᠰᠢᠷᠬ᠎ᠠ - ᠲ ᠂ ᠭᠣᠮᠪᠣᠵᠠᠪ Шарх - Т ᠂ Гомбожав
ᠰᠢᠷᠬ᠎ᠠ
ᠲ ᠂ ᠭᠣᠮᠪᠣᠵᠠᠪ
ᠬᠣᠯᠠ ᠶ᠋ᠢᠨ ᠵᠡᠭᠦᠳᠦ
ᠬᠠᠪᠤᠷ ᠪᠣᠳᠣᠭᠳᠠᠨᠠᠮ
ᠬᠠᠩᠭᠠᠢ ᠰᠢᠷᠭᠠᠯᠲᠤᠭᠰᠠᠨ ᠨᠠᠮᠤᠷ ᠤᠨ ᠡᠨᠡ ᠡᠳᠦᠷ
ᠬᠠᠪᠤᠷ ᠶᠠᠭᠤᠨ ᠳ᠋ᠤ᠌ ᠪᠣᠳᠣᠭᠳᠠᠨᠠᠮ ?
ᠬᠠᠪᠤᠷ
ᠬᠠᠩᠭᠠᠢ ᠶ᠋ᠢᠨ ᠵᠢᠵᠢᠭᠬᠡᠨ ᠨᠠᠭᠤᠷ ᠤᠨ ᠤᠰᠤᠨ ᠳ᠋ᠤ᠌
ᠬᠣᠶᠠᠷ ᠬᠤᠨ ᠵᠤᠰᠠᠵᠤ ᠪᠠᠶ᠋ᠢᠵᠠᠢ
ᠲᠣᠩ ᠴᠠᠭᠠᠨ ᠣᠩᠭᠣᠴᠠ
ᠳᠤᠭᠤᠶ᠋ᠢᠬᠠᠨ ᠪᠤᠳᠤᠯ ᠦᠢᠮᠡᠭᠦᠯᠦᠨ
ᠳᠤᠷᠠᠯᠠᠯ ᠤᠮᠪᠠᠵᠤ ᠪᠠᠶ᠋ᠢᠵᠠᠢ
ᠬᠠᠶ᠋ᠢᠷ᠎ᠠ ᠶ᠋ᠢᠨ ᠠᠯᠢᠶᠠᠬᠠᠨ ᠠᠷᠠᠨᠰᠢ ᠳᠠᠭᠠᠵᠤ
ᠬᠠᠨᠢ ᠶ᠋ᠢᠨ ᠰᠡᠳᠬᠢᠯ
ᠳᠣᠯᠭᠢᠶ᠎ᠠ ᠬᠥᠩᠭᠡᠬᠡᠨ ᠤᠶ᠋ᠢᠯᠤᠰᠴᠤ ᠪᠠᠶ᠋ᠢᠵᠠᠢ
ᠳᠡᠷᠡᠰᠥ ᠨᠣᠭᠣᠭᠠᠬᠠᠨ ᠵᠢᠷᠭᠢᠵᠦ ᠪᠠᠶ᠋ᠢᠵᠠᠢ
ᠬᠠᠩᠭᠠᠢ ᠠᠭᠤᠳᠠᠮ ᠨᠤᠲᠤᠭ ᠤᠨ ᠢᠶ᠋ᠠᠨ ᠡᠨᠡᠬᠦ
ᠬᠤᠷᠤ᠎ᠠ ᠦᠩᠭᠡᠰᠢᠭᠦᠯᠥᠭᠰᠡᠨ ᠵᠠᠢ ᠳ᠋ᠤ᠌
ᠬᠤᠨ ᠲᠠᠢ ᠨᠠᠭᠤᠷ ᠤᠨ ᠵᠡᠭᠦᠳᠦ
ᠬᠣᠨᠣᠭ ᠬᠣᠨᠣᠭ ᠲᠡᠷᠭᠡᠯᠬᠡᠨ ᠪᠠᠶ᠋ᠢᠵᠠᠢ ᠡ
ᠬᠠᠪᠤᠷ ᠪᠣᠳᠣᠭᠳᠠᠨᠠᠮ
ᠬᠠᠩᠭᠠᠢ ᠰᠢᠷᠭᠠᠯᠲᠤᠭᠰᠠᠨ ᠨᠠᠮᠤᠷ ᠤᠨ ᠡᠨᠡ ᠡᠳᠦᠷ
ᠬᠠᠪᠤᠷ ᠶᠠᠭᠤᠨ ᠳ᠋ᠤ᠌ ᠮᠠᠷᠲᠠᠭᠳᠠᠨᠠᠮ !
ᠵᠠᠢ
ᠪᠢ ᠨᠠᠭᠠᠨ᠎ᠠ ᠠ᠋ᠴᠠ ᠂ ᠴᠢ ᠴᠠᠭᠠᠨ᠎ᠠ ᠠ᠋ᠴᠠ
ᠪᠢᠳᠡ ᠬᠣᠶᠠᠷ ᠥᠭᠡᠳᠡ ᠥᠭᠡᠳᠡ ᠡᠴᠡ ᠪᠠᠨ ᠶᠠᠪᠤᠵᠤ ᠪᠠᠶ᠋ᠢᠯ᠎ᠠ !
ᠬᠥᠯ ᠦᠨ ᠮᠢᠨᠢ ᠳᠣᠣᠷ᠎ᠠ ᠵᠠᠮ ᠭᠢᠰᠬᠢᠭᠳᠡᠨᠡ
ᠬᠥᠬᠡᠷᠡᠭᠰᠡᠨ ᠡᠨᠡ ᠡᠬᠡ ᠭᠠᠵᠠᠷ ᠤᠨ ᠰᠤᠳᠠᠰᠤᠨ ᠳᠡᠭᠡᠷ᠎ᠡ
ᠬᠡᠦᠬᠡᠳ ᠦᠶ᠎ᠡ ᠶ᠋ᠢᠨ ᠨᠠᠭᠠᠳᠤᠮ
ᠬᠥᠲᠥᠯ ᠦᠨ ᠡᠩᠭᠡᠷ ᠲᠦ᠍ ᠪᠠᠷᠢᠭᠰᠠᠨ ᠪᠢᠴᠢᠬᠠᠨ ᠭᠡᠷ ᠮᠢᠨᠢ ᠭᠢᠰᠬᠢᠭᠳᠡᠨᠡ
ᠬᠥᠳᠡᠭᠡ ᠶ᠋ᠢᠨ ᠲᠡᠷᠡ ᠂ ᠨᠠᠮᠤᠷ ᠤᠨ ᠰᠠᠷᠠᠨ ᠤ ᠳᠣᠣᠷ᠎ᠠ
ᠬᠥᠰᠡᠷᠳᠡᠭᠰᠡᠨ ᠰᠢᠷ᠎ᠠ ᠳᠤᠷᠠᠳᠬᠠᠯ ᠨᠠᠪᠴᠢ ᠰᠢᠭ ᠭᠢᠰᠬᠢᠭᠳᠡᠨᠡ
ᠬᠥᠮᠦᠨ ᠳ᠋ᠤ᠌ ᠨᠠᠰᠤ ᠥᠷᠥᠵᠦ
ᠬᠥᠳᠡᠯᠦᠭᠰᠡᠨ ᠬᠣᠶᠠᠷ ᠨᠣᠭᠣᠭᠠᠨ ᠣᠩᠭᠣᠴᠠᠨ ᠤ
ᠬᠦᠰᠡᠯ ᠦᠨ ᠴᠠᠭᠠᠨ ᠳᠠᠷᠪᠠᠭᠤᠯ ᠪᠣᠯᠭᠠᠵᠤ ᠣᠩᠭᠣᠯᠠᠭᠰᠠᠨ ᠣᠨ ᠵᠢᠯ ᠦᠳ ᠭᠢᠰᠬᠢᠭᠳᠡᠨᠡ ᠡ
ᠠᠢ ᠳ᠋ᠠ ᠂ ᠨᠠᠶ᠋ᠢᠵᠢ ᠮᠢᠨᠢ
ᠠᠮᠢᠳᠤᠷᠠᠯ ᠤᠨ ᠡᠨᠡ ᠪᠢᠴᠢᠬᠠᠨ ᠠᠯᠠᠭᠠᠨ ᠳᠡᠭᠡᠷ᠎ᠡ
ᠪᠢ ᠨᠠᠭᠠᠰᠢ ᠪᠠᠨ ᠂ ᠴᠢ ᠴᠠᠰᠢ ᠪᠠᠨ
ᠪᠢᠳᠡ ᠬᠣᠶᠠᠷ ᠤᠯᠠᠮ ᠤᠯᠠᠮ ᠬᠣᠯᠠᠳᠴᠤ ᠪᠠᠶ᠋ᠢᠨ᠎ᠠ ᠡ !
ᠰᠢᠷᠬ᠎ᠠ
ᠰᠢᠷᠬ᠎ᠠ
ᠰᠢᠷᠭᠠᠯᠬᠠᠨ ᠪᠣᠳᠣᠯ ᠢᠶ᠋ᠠᠷ ᠲᠣᠷᠣᠶ᠋ᠢᠭᠰᠠᠨ ᠮᠤᠳᠤ
ᠰᠢᠯᠢ ᠶ᠋ᠢᠨ ᠣᠷᠣᠢ ᠳ᠋ᠤ᠌ ᠱᠤᠤᠬᠢᠨᠠᠮ
ᠣᠯᠠᠨ ᠣᠯᠠᠨ ᠴᠡᠴᠡᠭ ᠯᠡ ᠡᠷᠬᠡ ᠳᠠᠷᠬᠠᠯᠠᠵᠤ
ᠤᠤᠯ ᠳ᠋ᠠᠭᠠᠨ ᠮᠣᠳᠣ ᠠᠯᠠᠭ᠎ᠠ ᠡᠨᠡ ᠰᠢᠯᠢ ᠶ᠋ᠢᠨ ᠣᠷᠣᠢ ᠳ᠋ᠤ᠌
ᠣᠩᠭᠣᠨ ᠳᠤᠷᠠᠯᠠᠯ ᠬᠥᠲᠥᠯᠦᠭᠰᠡᠨ ᠬᠣᠶᠠᠷ ᠵᠠᠯᠠᠭᠤ ᠬᠥᠮᠦᠨ ᠣᠲᠣᠷᠯᠠᠵᠤ ᠂ ᠨᠢᠭᠡ ᠡᠳᠦᠷ ᠢᠷᠡᠭᠰᠡᠨ ᠪᠠᠶ᠋ᠢᠵᠤ ᠪᠢᠯᠡ
ᠬᠤᠯᠠᠨ ᠰᠢᠭ᠋ ᠰᠡᠳᠬᠢᠯ
ᠬᠤᠷᠤ᠎ᠠ ᠶ᠋ᠢᠨ ᠡᠨᠡ ᠨᠣᠭᠣᠭᠠᠨ ᠥᠷᠲᠡᠭᠡᠨ ᠳ᠋ᠦ᠍ ᠪᠠᠭᠤᠵᠤ
ᠬᠤᠶᠠᠷ ᠬᠥᠮᠦᠨ
ᠬᠤᠶᠠᠷ ᠰᠠᠭᠤᠷᠢ ᠮᠤᠳᠤ ᠰᠢᠯᠢ ᠶ᠋ᠢᠨ ᠣᠷᠣᠢ ᠳ᠋ᠤ᠌ ᠬᠥᠬᠡᠷᠡᠵᠦ ᠪᠠᠶ᠋ᠢᠭᠰᠠᠨ ᠪᠢᠯᠡ
ᠣᠷᠴᠢᠯᠠᠩ ᠂ ᠲᠡᠳᠡᠨ ᠦ ᠨᠠᠮᠠᠭᠠᠨ ᠳ᠋ᠤ᠌ ᠰᠠᠶ᠋ᠢᠬᠠᠨ ᠵᠡᠭᠦᠳᠦ ᠲᠡᠢ ᠡᠭᠦᠷᠯᠡᠨ
ᠤᠯᠠᠨ ᠤᠯᠠᠨ ᠡᠳᠦᠷ ᠦᠳ
ᠤᠢ ᠰᠢᠭ᠋ ᠢᠭᠴᠤᠷᠠᠬᠤ ᠳ᠋ᠤ᠌
ᠤᠶ᠋ᠢᠳᠤᠭᠴᠢ ᠪᠣᠯᠵᠤ ᠂ ᠨᠢᠭᠡ ᠨᠢ
ᠣᠩᠭᠣᠨ ᠡᠨᠡᠬᠦ ᠰᠢᠯᠢ ᠶ᠋ᠢᠨ ᠣᠷᠣᠢ ᠠ᠋ᠴᠠ ᠪᠠᠨ ᠰᠠᠯᠴᠢᠭᠰᠠᠨ ᠪᠢᠯᠡ
ᠨᠥᠭᠦᠭᠡ ᠨᠢ ᠲᠡᠭᠡᠬᠦ ᠳ᠋ᠦ᠍ ᠂ ᠬᠥᠭᠡᠷᠦᠬᠦᠢ
ᠨᠢᠭᠡ ᠰᠠᠭᠤᠷᠢ ᠣᠷᠣᠢ ᠨᠢ ᠰᠢᠷᠠᠯᠠᠭᠰᠠᠨ ᠤᠳᠠ
ᠰᠢᠯᠢ ᠶ᠋ᠢᠨ ᠣᠷᠣᠢ ᠳ᠋ᠤ᠌ ᠱᠤᠤᠭᠢᠭᠰᠠᠭᠠᠷ ᠬᠣᠴᠣᠷᠴᠠᠢ ᠡ !
ᠮᠥᠷᠥᠭᠡᠳᠦᠯ
ᠴᠢᠨᠤ ᠳᠡᠯᠡᠬᠡᠢ ᠳ᠋ᠦ᠍ ᠪᠢ ᠪᠠᠶ᠋ᠢᠷᠢ ᠦᠭᠡᠢ
ᠴᠢ ᠂ ᠮᠢᠨᠤ ᠳᠡᠯᠡᠬᠡᠢ ᠳ᠋ᠦ᠍ ᠲᠣᠮᠣ ᠪᠠᠶ᠋ᠢᠷᠢ ᠂ ᠴᠡᠴᠡᠷᠯᠢᠭ ᠡᠵᠡᠯᠡᠵᠦ ᠪᠠᠶ᠋ᠢᠨ᠎ᠠ
ᠲᠡᠷᠡ ᠠᠷᠢᠭᠤᠨ ᠳᠠᠷᠬᠠᠨ ᠵᠠᠢ
ᠲᠡᠭᠦᠨ ᠢ ᠬᠡᠨ ᠳ᠋ᠦ᠍ ᠴᠦ᠍ ᠨᠡᠭᠡᠭᠡᠬᠦ ᠶᠣᠰᠣ ᠦᠭᠡᠢ
ᠲᠦᠯᠬᠢᠭᠦᠷ ᠢ ᠨᠢ ᠪᠢ ᠭᠠᠭᠴᠠ ᠪᠡᠶ᠎ᠡ ᠳ᠋ᠡᠭᠡᠨ ᠡᠵᠡᠮᠰᠢᠨ᠎ᠡ
ᠲᠡᠭᠡᠭᠡᠳ ᠤᠶ᠋ᠢᠳᠪᠠᠯ ᠨᠢᠭᠡ
ᠤᠷᠤᠢ ᠦᠳᠡᠰᠢ ᠨᠣᠶ᠋ᠢᠷ ᠬᠤᠯᠵᠢᠪᠠᠯ ᠨᠢᠭᠡ
ᠳᠣᠲᠣᠷ᠎ᠠ ᠨᠢ ᠣᠷᠣᠵᠤ ᠴᠡᠴᠡᠭ ᠬᠡᠳᠦ ᠲᠡᠭᠦᠭᠡᠳ
ᠳᠣᠪᠣ ᠪᠦᠷᠬᠦᠭᠰᠡᠨ ᠡᠪᠡᠰᠦ ᠶ᠋ᠢ ᠨᠢ ᠬᠡᠳᠦ ᠳᠠᠰᠤᠯᠴᠢᠭᠠᠳ
ᠲᠠᠭᠤ ᠨᠢ ᠬᠣᠯᠠᠳᠠᠭᠰᠠᠨ ᠰᠠᠷᠠᠨ ᠤ ᠪᠡᠨ ᠭᠡᠷᠡᠯ ᠢ
ᠳᠤᠭᠤᠶ᠋ᠢᠬᠠᠨ ᠳᠤᠷᠠᠰᠴᠤ ᠰᠠᠭᠤᠨ᠎ᠠ ᠡ
1985
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠴᠣᠯᠮᠣᠨᠲᠤᠶᠠᠭ᠎ᠠ
ᠬᠢᠨᠠᠭᠴᠢ ᠄ ᠲᠤᠭ᠍ᠴᠢ ᠰᠠᠷᠠᠨ᠎ᠠ
2023 ᠂ 4 ᠂ 23 ᠪ ᠡᠲᠦᠷ
