ᠶᠣᠰᠣᠲᠠᠢ ᠮᠢᠨᠦ ᠵᠢᠷᠭᠠᠯ( ᠣᠷᠱᠤᠨ ᠭᠣᠣᠯ ) - ᠦᠭᠡ ᠂ ᠠᠶ᠎ᠠ ᠄ ᠸᠠᠴᠢᠷᠵᠠᠪ Ёстой миний жаргал ( Оршин гол ) – Үг ᠂ Ая ᠄ Вачиржав
ᠶᠣᠰᠣᠲᠠᠢ ᠮᠢᠨᠦ ᠵᠢᠷᠭᠠᠯ
ᠦᠭᠡ ᠂ ᠠᠶ᠎ᠠ ᠄ ᠸᠠᠴᠢᠷᠵᠠᠪ
ᠤᠨᠠᠭᠰᠠᠨ ᠰᠢᠷᠣᠢ ᠢᠯᠠᠭᠤᠭᠰᠠᠨ ᠳᠤᠮᠳᠠᠳᠤ
ᠤᠤᠯ ᠠ᠋ᠴᠠ ᠵᠠᠶᠠᠭᠠᠭᠰᠠᠨ ᠮᠢᠨᠦ ᠥᠯᠥᠭᠡᠢ
ᠤᠷᠢᠲᠤ ᠶ᠋ᠢᠨ ᠰᠠᠶ᠋ᠢᠬᠠᠨ ᠬᠤᠪᠢ ᠢᠷᠥᠭᠡᠯ ᠶ᠋ᠢᠡᠷ
ᠤᠴᠠᠷᠠᠵᠤ ᠲᠦᠷᠦᠵᠡᠢ ᠡᠵᠡᠨ ᠨᠢ ᠪᠢ
ᠠᠭᠤᠤ ᠶᠡᠬᠡ ᠡᠬᠡ ᠣᠷᠣᠨ ᠭᠡᠭᠴᠢ
ᠠᠴᠢᠲᠤ ᠠᠪᠤ ᠠ᠋ᠴᠠ ᠥᠭᠡᠷ᠎ᠡ ᠤᠤ ᠳ᠋ᠡ ?
ᠠᠯᠢᠪᠠ ᠪᠠᠨ ᠲᠡᠭᠦᠨ ᠳ᠋ᠡᠭᠡᠨ ᠵᠣᠷᠢᠭᠤᠯᠤᠨ᠎ᠠ ᠭᠡᠭᠴᠢ
ᠶᠣᠰᠣᠲᠠᠢ ᠯᠠ ᠮᠢᠨᠦ ᠵᠢᠷᠭᠠᠯ ᠤᠤ ᠳ᠋ᠠ !
ᠲᠥᠷᠥᠯᠬᠢ ᠨᠤᠲᠤᠭ ᠡᠬᠡ ᠣᠷᠣᠨ ᠭᠡᠭᠴᠢ
ᠲᠥᠷᠥᠭᠰᠡᠨ ᠡᠵᠢ ᠡᠴᠡ ᠣᠨᠲᠣᠣ ᠤᠤ ᠳ᠋ᠠ ?
ᠲᠡᠭᠦᠨ ᠪ ᠪᠡᠨ ᠲᠥᠯᠥᠭᠡ ᠵᠢᠤᠠᠬᠦᠨᠡ ᠭᠡᠭᠴᠢ
ᠶᠣᠰᠣᠲᠠᠢ ᠯᠠ ᠮᠢᠨᠦ ᠵᠢᠷᠭᠠᠯ ᠤᠤ ᠳ᠋ᠠ !
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠣᠯᠣᠷ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 23 ᠤ ᠡᠲᠦᠷ

