ᠵᠠᠩᠭᠠᠷ ᠤ᠋ᠨ ᠲᠤᠤᠯᠢ ᠣᠷᠣᠰᠢᠯ ᠪᠦᠯᠦᠭ ᠦᠨ ᠬᠣᠶᠠᠳᠤᠭᠠᠷ ᠬᠡᠰᠡᠭᠯᠡᠯ- ᠵᠠᠩᠭᠠᠷ ᠤ᠋ᠨ ᠳᠦᠷᠢЖангарын тууль оршил бөлгийн нэгдүгээр хэсэглэл-Жангарын дүр ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠲᠤᠤᠯᠢ ᠣᠷᠣᠰᠢᠯ ᠪᠦᠯᠦᠭ ᠦᠨ ᠬᠣᠶᠠᠳᠤᠭᠠᠷ ᠬᠡᠰᠡᠭᠯᠡᠯ- ᠵᠠᠩᠭᠠᠷ ᠤ᠋ᠨ ᠳᠦᠷᠢЖангарын тууль оршил бөлгийн нэгдүгээр хэсэглэл-Жангарын дүр

ᠵᠠᠩᠭᠠᠷ ᠤ᠋ᠨ ᠲᠤᠤᠯᠢ ᠣᠷᠣᠰᠢᠯ ᠪᠦᠯᠦᠭ ᠦᠨ ᠬᠣᠶᠠᠳᠤᠭᠠᠷ ᠬᠡᠰᠡᠭᠯᠡᠯ- ᠵᠠᠩᠭᠠᠷ ᠤ᠋ᠨ ᠳᠦᠷᠢЖангарын тууль оршил бөлгийн нэгдүгээр хэсэглэл-Жангарын дүр

ᠠᠩᠭᠢᠯᠠᠯ:ᠲᠤᠤᠯᠢᠰ
2024-04-24

3007

ᠵᠠᠩᠭᠠᠷ ᠤᠨ ᠲᠤᠤᠯᠢ ᠣᠷᠣᠰᠢᠯ ᠪᠦᠯᠦᠭ ᠦᠨ ᠬᠣᠶᠠᠳᠤᠭᠠᠷ ᠬᠡᠰᠡᠭᠯᠡᠯ

   ᠵᠠᠩᠭᠠᠷ ᠤ᠋ᠨ ᠳᠦᠷᠢ 


ᠡᠷᠳᠡᠨᠢ ᠶ᠋ᠢᠨ ᠡᠬᠢᠨ ᠴᠠᠭ ᠲᠤ᠌ ᠭᠡᠨ᠎ᠡ ᠯᠡ᠂  

ᠡᠨᠡ ᠣᠯᠠᠨ ᠪᠤᠷᠬᠠᠳ ᠤ᠋ᠨ᠂ ᠱᠠᠵᠢᠨ ᠳᠡᠯᠭᠡᠷᠡᠬᠦ ᠴᠠᠭ ᠲᠤ᠌ ᠭᠡᠨ᠎ᠡ ᠯᠡ᠂ 

ᠭᠠᠵᠠᠭᠠᠳᠤ ᠳᠠᠯᠠᠢ ᠴᠢᠨᠢ᠂ ᠴᠠᠯᠴᠢᠭ ᠪᠠᠯᠴᠢᠭ ᠴᠠᠭ ᠲᠤ᠌ ᠭᠡᠨ᠎ᠡ ᠯᠡ᠂ 

ᠭᠠᠯᠪᠠᠷ ᠽᠠᠨᠳᠠᠨ ᠮᠣᠳᠣᠨ ᠴᠢᠨᠢ᠂ ᠪᠤᠷᠢᠶ᠎ᠠ ᠨᠠᠢᠳᠠᠭ ᠴᠠᠭ ᠲᠤ᠌ ᠭᠡᠨ᠎ᠡ ᠯᠡ᠂ 

ᠲᠠᠬᠢᠯ ᠵᠤᠯᠠ ᠬᠠᠭᠠᠨ ᠤ᠋ ᠦᠯᠡᠳᠡᠯ᠂ 

ᠲᠠᠩᠰᠤᠭ ᠪᠤᠮᠪᠠ ᠬᠠᠭᠠᠨ ᠤ᠋ ᠠᠴᠢ᠂ 

ᠦᠵᠦᠩ ᠠᠯᠳᠠᠷ ᠬᠠᠭᠠᠨ ᠤ᠋ ᠬᠥᠪᠡᠭᠦᠨ᠂ 

ᠦᠶ᠎ᠡ ᠶ᠋ᠢᠨ ᠥᠨᠥᠴᠢᠨ ᠵᠠᠩᠭᠠᠷ ᠭᠡᠵᠦ ᠪᠠᠢᠭᠰᠠᠨ ᠰᠠᠨᠵᠠᠢ ᠭᠡᠨ᠎ᠡ ᠯᠡ᠂ 

ᠠᠯᠳᠠᠷ ᠨᠣᠶᠠᠨ ᠪᠣᠭᠳᠠ ᠵᠠᠩᠭᠠᠷ ᠤ᠋ᠨ ᠮᠥᠨ ᠳᠦᠷᠢ᠂ ᠮᠦᠨᠳᠤ ᠪᠠᠢᠳᠠᠯ ᠢ᠋᠂ 

ᠡᠨᠳᠡ ᠰᠠᠭᠤᠭᠰᠠᠨ ᠲᠠᠨᠠᠷ ᠲᠠᠭᠠᠨ᠂ ᠬᠡᠯᠡᠭᠡᠳ ᠦᠵᠡᠳᠡᠭ ᠪᠣᠯᠬᠤᠯ᠎ᠠ᠂ 

ᠭᠠᠷᠤᠭᠰᠠᠨ ᠠ᠋ᠴᠠ ᠪᠠᠨ ᠨᠠᠭᠠᠷ᠎ᠠ ᠪᠣᠯᠬᠤᠯᠠᠷ᠂ 

ᠭᠠᠵᠠᠷ ᠤᠰᠤ ᠪᠠᠨ ᠠᠯᠳᠠᠭᠠᠳ ᠦᠭᠡᠢ᠂ 

ᠲᠥᠷᠥᠭᠰᠡᠨ ᠡᠴᠡ ᠪᠡᠨ ᠨᠠᠭᠠᠷ᠎ᠠ ᠪᠠᠨ ᠪᠣᠯᠬᠤᠯᠠᠷ᠂ 

ᠲᠣᠬᠣᠮ ᠤ᠋ᠨ ᠴᠢᠨᠡᠭᠡᠨ ᠭᠠᠵᠠᠷ ᠤᠰᠤ ᠪᠠᠨ᠂ 

ᠲᠣᠪᠴᠢ ᠶ᠋ᠢᠨ ᠴᠢᠨᠡᠭᠡᠨ ᠠᠰᠢᠭ ᠲᠤᠰᠠ ᠪᠠᠨ᠂ 

ᠲᠤᠩ ᠭᠠᠷ ᠲᠤ᠌ ᠠ᠋ᠴᠠ ᠪᠠᠨ ᠠᠯᠳᠠᠭᠠᠳ ᠦᠭᠡᠢ ᠲᠥᠷᠥᠭᠰᠡᠨ᠂ 

ᠳᠠᠯᠤ ᠡᠭᠡᠮ ᠢ᠋ᠶ᠋ᠡᠷ ᠢ᠋ᠶ᠋ᠡᠨ᠂ 

ᠳᠠᠯᠠᠨ ᠲᠠᠪᠤᠨ ᠲᠣᠬᠣᠢ ᠲᠥᠷᠥᠭᠰᠡᠨ᠂ 

ᠳᠠᠪᠤᠰᠠᠭ ᠤ᠋ᠨ ᠡᠬᠢ ᠪᠡᠷ ᠢ᠋ᠶ᠋ᠡᠨ᠂ 

ᠨᠠᠶᠠᠨ ᠲᠠᠪᠤᠨ ᠲᠣᠬᠣᠢ ᠲᠥᠷᠥᠭᠰᠡᠨ᠂ 

ᠡᠩ ᠳ᠋ᠡᠭᠡᠨ ᠵᠢᠷᠠᠨ ᠠᠯᠲᠠ ᠴᠡᠭᠡᠵᠢ ᠲᠡᠢ ᠭᠡᠨ᠎ᠡ ᠯᠡ᠂ 

ᠡᠯᠪᠡᠭ ᠨᠠᠶᠠᠨ ᠲᠣᠬᠣᠢ ᠨᠢᠷᠤᠭᠤ ᠲᠠᠢ ᠭᠡᠨ᠎ᠡ ᠯᠡ᠂ 

ᠳᠠᠯᠤ ᠡᠭᠡᠮ ᠦ᠋ᠨ ᠬᠣᠭᠣᠷᠣᠨᠳᠣ ᠨᠢ᠂ 

ᠳᠠᠯᠠᠨ ᠠᠷᠰᠯᠠᠨ ᠤ᠋ ᠬᠦᠴᠦᠨ ᠪᠦᠷᠢᠳᠦᠭᠰᠡᠨ ᠭᠡᠨ᠎ᠡ ᠯᠡ᠂ 

ᠬᠣᠭᠣᠯᠠᠢ ᠳᠡᠭᠡᠷ᠎ᠡ ᠨᠢ᠂ 

ᠬᠣᠷᠢᠨ ᠨᠢᠭᠡᠨ ᠠᠷᠠᠢ ᠶ᠋ᠢᠨ ᠳᠠᠭᠢᠨᠢ ᠶ᠋ᠢᠨ ᠬᠦᠴᠦᠨ ᠪᠦᠷᠢᠳᠦᠭᠰᠡᠨ ᠭᠡᠨ᠎ᠡ ᠯᠡ᠂ 

ᠬᠣᠩᠬᠣ ᠮᠥᠭᠡᠷᠰᠦᠨ ᠳ᠋ᠦ᠍ᠨᠢ᠂ 

ᠬᠣᠷᠢᠨ ᠨᠢᠭᠡᠨ ᠯᠤᠤᠰ ᠤ᠋ᠨ ᠳᠠᠭᠢᠨᠢ ᠶ᠋ᠢᠨ ᠷᠢᠳᠢ ᠰᠢᠳᠢ ᠪᠦᠷᠢᠳᠦᠭᠰᠡᠨ ᠭᠡᠨ᠎ᠡ ᠯᠡ᠂ 

ᠴᠤᠯᠤ ᠮᠢᠬ᠎ᠠ ᠲᠠᠢ ᠲᠥᠷᠥᠭᠰᠡᠨ ᠭᠡᠨ᠎ᠡ᠂ 

ᠴᠤᠯᠭᠤ ᠶᠠᠰᠤ ᠲᠠᠢ ᠲᠥᠷᠥᠭᠰᠡᠨ ᠭᠡᠨ᠎ᠡ᠂ 

ᠨᠢᠭᠲᠠ ᠮᠢᠬ᠎ᠠ ᠲᠠᠢ ᠲᠥᠷᠥᠭᠰᠡᠨ ᠭᠡᠨ᠎ᠡ᠂ 

ᠨᠡᠢᠯᠡᠨ ᠶᠠᠰᠤ ᠲᠠᠢ ᠲᠥᠷᠥᠭᠰᠡᠨ ᠭᠡᠨ᠎ᠡ᠂ 

ᠬᠠᠮᠤᠭ ᠳᠡᠯᠡᠬᠡᠢ ᠶ᠋ᠢᠨ ᠶᠠᠭᠤᠮ᠎ᠠ ᠪᠦᠬᠦᠨ᠂ 

ᠭᠠᠭᠴᠠᠬᠠᠨ ᠮᠢᠨᠦ ᠭᠡᠵᠦ ᠪᠣᠳᠣᠨ ᠰᠠᠭᠤᠳᠠᠭ᠂ 

ᠬᠠᠨ ᠨᠣᠶᠠᠨ ᠵᠠᠩᠭᠠᠷ ᠭᠡᠵᠦ᠂ ᠬᠡᠯᠡᠳᠡᠭ ᠰᠠᠨᠵᠠᠢ ᠭᠡᠨ᠎ᠡ ᠯᠡ᠃


ᠦᠭᠡᠰ ᠦ᠋ᠨ ᠲᠠᠢᠯᠪᠤᠷᠢ᠄

1᠂ ᠮᠦᠨᠳᠤ ᠪᠠᠢᠳᠠᠯ᠁ ᠲᠤᠬᠠᠢ ᠶ᠋ᠢᠨ ᠴᠠᠭ ᠦᠶ᠎ᠡ ᠶ᠋ᠢᠨ ᠬᠥᠮᠦᠨ ᠦ᠌ ᠪᠤᠶᠤ ᠠᠯᠢᠪᠠ ᠶᠠᠮᠠᠷ ᠨᠢᠭᠡᠨ ᠵᠦᠢᠯ ᠦ᠋ᠨ ᠦᠢᠯᠡ ᠶᠠᠪᠤᠳᠠᠯ ᠤ᠋ᠨ ᠦᠨᠡᠨ ᠮᠥᠨ ᠳᠦᠷᠢ ᠪᠠᠢᠳᠠᠯ᠃

2᠂ ᠪᠤᠯᠠᠬᠤᠯ᠎ᠠ᠁ ᠪᠣᠯᠪᠠᠯ᠂ ᠪᠤᠯᠠᠪᠠᠰᠤ᠂ ᠪᠣᠯᠬᠣᠷ᠃

3᠂ ᠡᠩ ᠳ᠋ᠡᠭᠡᠨ᠁ ᠨᠡᠢᠳᠡᠮ ᠳ᠋ᠡᠭᠡᠨ᠂ ᠨᠡᠢᠲᠡ ᠳ᠋ᠡᠭᠡᠨ᠂ ᠦᠷᠭᠦᠯᠵᠢ ᠳ᠋ᠡᠭᠡᠨ᠃

4᠂ ᠡᠯᠪᠡᠭ᠁ ᠠᠭᠤᠵᠢᠮ᠂ ᠪᠠᠶᠠᠨ ᠡᠯᠪᠡᠭ᠃

5᠂ ᠠᠷᠠᠢ ᠶ᠋ᠢᠨ ᠳᠠᠭᠢᠨᠢ᠁ ᠬᠤᠷᠮᠤᠰᠲᠠ ᠲᠡᠭᠷᠢ ᠶ᠋ᠢᠨ ᠳᠠᠭᠢᠨᠢ᠃

6᠂ ᠴᠤᠯᠭᠣ ᠶᠠᠰᠤᠲᠠᠢ᠁ ᠴᠢᠮᠦᠭᠡᠨ ᠶᠠᠰᠤ ᠨᠢ ᠬᠥᠨᠳᠡᠢ ᠦᠭᠡᠢ᠂ ᠬᠠᠪᠢᠷᠭ᠎ᠠ ᠴᠡᠭᠡᠵᠢᠨ ᠪᠡᠶ᠎ᠡ ᠪᠡᠷ ᠨᠢ ᠦᠶ᠎ᠡ ᠦᠭᠡᠢ ᠪᠢᠲᠡᠭᠦᠦ᠃

ᠵᠠᠩᠭᠠᠷ ᠤᠨ ᠳᠦᠷᠢ ᠶᠢᠨ ᠲᠠᠢᠯᠤᠮᠵᠢ