ᠨᠣᠮ ᠤᠩᠰᠢᠶ᠎ᠠ - ᠪᠣᠷᠵᠢᠭᠢᠨ ᠣᠳᠬᠣᠨᠪᠠᠶᠠᠷНом уншъя-боржгин отгонбаяр
ᠨᠣᠮ ᠤᠩᠰᠢᠶ᠎ᠠ
ᠪᠣᠷᠵᠢᠭᠢᠨ ᠣᠳᠬᠣᠨᠪᠠᠶᠠᠷ
ᠳᠤᠲᠠᠮᠠᠭ ᠪᠠᠢᠭᠰᠠᠨ ᠮᠡᠳᠡᠯᠭᠡ ᠪᠡᠨ
ᠳᠡᠪᠲᠡᠷ ᠨᠣᠮ ᠠ᠋ᠴᠠ ᠣᠯᠳᠠᠭ ᠠ᠋
ᠲᠥᠭᠡᠷᠢᠵᠦ ᠪᠠᠢᠭᠰᠠᠨ ᠵᠦᠭᠯᠡᠭᠦᠷ ᠢ᠋ᠶ᠋ᠡᠨ
ᠳᠡᠪᠲᠡᠷ ᠨᠣᠮ ᠠ᠋ᠴᠠ ᠮᠡᠳᠡᠳᠡᠭ ᠠ᠋
ᠳᠤᠨᠳᠠᠭᠤᠷ ᠪᠠᠢᠭᠰᠠᠨ ᠮᠡᠳᠡᠯᠭᠡ ᠪᠡᠨ
ᠳᠡᠪᠲᠡᠷ ᠨᠣᠮ ᠠ᠋ᠴᠠ ᠨᠥᠬᠥᠪᠥᠷᠢᠯᠡᠳᠡᠭ ᠠ᠋
ᠲᠥᠯᠥᠪᠯᠡᠵᠦ ᠪᠠᠢᠭᠰᠠᠨ ᠠᠵᠢᠯ ᠢ᠋ᠶ᠋ᠠᠨ
ᠳᠡᠪᠲᠡᠷ ᠨᠣᠮ ᠢ᠋ᠶ᠋ᠠᠷ ᠵᠢᠯᠣᠭᠣᠳᠣᠭᠤᠯᠳᠠᠭ ᠠ᠋
ᠨᠠᠵᠠᠭᠠᠢ ᠪᠠᠢᠭᠰᠠᠨ ᠦᠵᠡᠯ ᠢ᠋ᠶ᠋ᠡᠨ
ᠨᠣᠮ ᠳᠡᠪᠲᠡᠷ ᠢ᠋ᠶ᠋ᠡᠷ ᠰᠠᠢᠵᠢᠷᠠᠭᠤᠯᠳᠠᠭ ᠠ᠋
ᠨᠣᠮᠣᠢ ᠪᠠᠢᠭᠰᠠᠨ ᠠᠷᠠᠨᠰᠢᠨ ᠢ᠋ᠶ᠋ᠠᠨ
ᠨᠣᠮ ᠳᠡᠪᠲᠡᠷ ᠡᠴᠡ ᠰᠡᠷᠭᠦᠭᠡᠳᠡᠭ ᠠ᠋
ᠨᠢᠣᠯᠲᠣ ᠪᠠᠢᠭᠰᠠᠨ ᠪᠡᠶ᠎ᠡ ᠪᠡᠨ
ᠨᠣᠮ ᠳᠡᠪᠲᠡᠷ ᠢ᠋ᠶ᠋ᠡᠷ ᠲᠡᠩᠬᠡᠷᠡᠭᠦᠯᠳᠡᠭ ᠠ᠋
ᠨᠢᠮᠭᠡᠨ ᠪᠠᠢᠭᠰᠠᠨ ᠮᠡᠳᠡᠯᠭᠡ ᠪᠡᠨ
ᠨᠣᠮ ᠳᠡᠪᠲᠡᠷ ᠡᠴᠡ ᠵᠤᠵᠠᠭᠠᠷᠠᠭᠤᠯᠳᠠᠭ ᠠ᠋
ᠮᠤᠩᠬᠠᠭ ᠪᠠᠢᠭᠰᠠᠨ ᠪᠡᠶ᠎ᠡ ᠪᠡᠨ
ᠨᠣᠮ ᠳᠡᠪᠲᠡᠷ ᠢ᠋ᠶ᠋ᠡᠷ ᠰᠡᠬᠡᠭᠡᠷᠡᠭᠦᠯᠳᠡᠭ ᠠ᠋
ᠮᠤᠰᠢᠭᠠᠢ ᠪᠠᠢᠭᠰᠠᠨ ᠪᠡᠶ᠎ᠡ ᠪᠡᠨ
ᠨᠣᠮ ᠳᠡᠪᠲᠡᠷ ᠢ᠋ᠶ᠋ᠡᠷ ᠠᠰᠯᠠᠭᠤᠯᠳᠠᠭ ᠠ᠋
ᠪᠢᠳᠠᠭᠤ ᠪᠠᠢᠭᠰᠠᠨ ᠪᠡᠶ᠎ᠡ ᠪᠡᠨ
ᠨᠣᠮ ᠳᠡᠪᠲᠡᠷ ᠢ᠋ᠶ᠋ᠡᠷ ᠤᠬᠠᠭᠠᠷᠠᠭᠤᠯᠳᠠᠭ ᠠ᠋
ᠪᠤᠷᠤᠭᠤ ᠪᠠᠢᠭᠰᠠᠨ ᠵᠠᠮ ᠢ᠋ᠶ᠋ᠠᠨ
ᠨᠣᠮ ᠳᠡᠪᠲᠡᠷ ᠢ᠋ᠶ᠋ᠡᠷ ᠵᠢᠭᠠᠯᠭᠠᠳᠠᠭ ᠠ᠋
ᠡᠷᠭᠢᠭᠦᠦ ᠪᠠᠢᠭᠰᠠᠨ ᠪᠡᠶ᠎ᠡ ᠪᠡᠨ
ᠨᠣᠮ ᠳᠡᠪᠲᠡᠷ ᠢ᠋ᠶ᠋ᠡᠷ ᠰᠡᠩᠬᠡᠷᠡᠭᠦᠯᠳᠡᠭ ᠠ᠋
ᠠᠯᠠᠩ ᠪᠠᠢᠭᠰᠠᠨ ᠪᠡᠶ᠎ᠡ ᠪᠡᠨ
ᠨᠣᠮ ᠳᠡᠪᠲᠡᠷ ᠢ᠋ᠶ᠋ᠡᠷ ᠴᠢᠩᠭᠠᠷᠠᠭᠤᠯᠳᠠᠭ ᠠ᠋
ᠨᠣᠮ ᠪᠣᠯ ᠵᠠᠮ ᠳᠠᠭᠠᠭᠤᠯᠤᠭᠴᠢ
ᠨᠣᠮ ᠪᠣᠯ ᠶᠢᠷᠲᠢᠨᠴᠦ ᠶ᠋ᠢᠨ ᠭᠡᠭᠡᠪᠴᠢ
ᠣᠮ ᠪᠣᠯ ᠰᠢᠨᠵᠢᠯᠡᠯ ᠦ᠋ᠨ ᠲᠦᠯᠬᠢᠭᠦᠷ
ᠨᠣᠮ ᠪᠣᠯ ᠠᠯᠢᠪᠠ ᠶ᠋ᠢ ᠢᠯᠠᠭᠴᠢ
ᠵᠠᠷᠤᠳ᠂ ᠪᠠᠶᠠᠷᠲᠤᠬᠤᠰᠢᠭᠤ ᠪᠠᠯᠭᠠᠰᠤ
2023.4.23 ᠤ᠋ ᠡᠳᠦᠷ ᠲᠦ᠍
