ᠵᠤᠨ - ᠲ ᠂ ᠭᠣᠮᠪᠣᠵᠠᠪ Жон - Т ᠂ Гомбожав
ᠵᠤᠨ
ᠲ ᠂ ᠭᠣᠮᠪᠣᠵᠠᠪ
ᠬᠣᠶᠠᠷ ᠵᠢᠷᠦᠬᠡ ᠬᠠᠢᠷ᠎ᠠ ᠶᠢᠨ ᠣᠴᠢᠷ ᠲᠤ ᠰᠢᠳᠡᠨᠡᠮ
ᠳᠤᠷᠠᠯᠠᠯ ᠤᠨ ᠦᠭᠡᠰ ᠵᠥᠭᠡᠯᠡᠬᠡᠨ ᠱᠠᠭᠢᠨ᠎ᠠ
ᠳᠤᠷᠠᠯᠠᠯ ᠳᠤ ᠣᠯᠵᠠᠯᠠᠭᠳᠠᠭᠰᠠᠨ ᠵᠢᠷᠦᠬᠡ
ᠬᠠᠩᠭᠠᠢ ᠶᠢᠨ ᠪᠠᠶᠠᠨ ᠠᠪᠢᠶ᠎ᠠ ᠪᠠᠷ ᠳᠣᠭᠳᠣᠯᠤᠨ᠎ᠠ
ᠳᠤᠷᠠᠨ ᠰᠢᠭ᠋ ᠨᠢᠳᠦ
ᠢᠨᠠᠭ ᠤᠨ ᠴᠢᠷᠠᠢ ᠳᠤ ᠤᠨᠠᠨᠠᠮ
ᠢᠯᠴᠢ ᠬᠡᠷᠡᠯ ᠤᠨ ᠦᠶᠡᠷ ᠬᠦᠷᠬᠢᠷᠡᠵᠦ ᠪᠠᠢᠨ᠎ᠠ ᠠ᠋
ᠮᠥᠷᠡᠨ ᠰᠢᠭ ᠰᠡᠳᠬᠢᠯ
ᠨᠢᠭᠤᠴᠠᠬᠠᠨ ᠪᠣᠳᠣᠯ ᠳᠡᠯᠭᠡᠨᠡᠮ
ᠨᠢᠲᠦ ᠳᠦᠭᠦᠷᠡᠩ ᠦᠩᠭᠡ ᠪᠤᠲᠤᠭ ᠶᠠᠷᠢᠵᠤ ᠪᠠᠶ᠋ᠢᠨ᠎ᠠ ᠠ᠋
ᠭᠡᠷᠡᠯᠲᠦ ᠴᠠᠭᠠᠨ ᠰᠠᠬᠢᠭᠤᠰᠤ
ᠥᠩᠭᠡᠲᠦ ᠭᠤᠸ᠋᠎ᠠ ᠰᠦᠨᠡᠰᠦ
ᠬᠦᠯ ᠳᠣᠣᠷ᠎ᠠ ᠪᠠᠨ ᠰᠡᠭᠦᠲᠡᠷ ᠭᠢᠰᠬᠢᠵᠦ
ᠬᠦᠰᠡᠯ ᠳᠡᠭᠡᠷ᠎ᠡ ᠪᠡᠨ ᠠᠮᠢᠲᠤᠷᠠᠯ ᠡᠷᠭᠦᠵᠦ
ᠪᠦᠬᠦᠯᠢ ᠪᠦᠬᠦᠯᠢ ᠡᠲᠦᠷ ᠶ᠋ᠢᠡᠷ
ᠪᠣᠯᠵᠣᠭᠠᠨ ᠳ᠋ᠠᠭᠠᠨ ᠰᠣᠭᠲᠣᠭᠤᠷᠠᠵᠤ ᠵᠣᠭᠰᠣᠨ᠎ᠠ ᠪᠢᠯᠡ
ᠬᠣᠷᠸ᠋᠎ᠠ ᠂ ᠮᠢᠨᠦ ᠪᠣᠲᠣᠯ ᠳ᠋ᠤ᠌
ᠨᠢᠭᠡᠯᠬᠡᠨ ᠦᠰᠦᠭ ᠪᠣᠯᠤᠨ ᠵᠢᠵᠢᠭᠷᠡᠵᠦ ᠢᠷᠡᠨ᠎ᠡ ᠡ
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠴᠣᠭᠵᠢᠷᠭᠠᠯ
ᠬᠢᠨᠠᠭᠴᠢ ᠄ ᠲᠤᠭ᠍ᠴᠢ ᠰᠠᠷᠠᠨ᠎ᠠ
2023 ᠂ 4 ᠂ 23 ᠪ ᠡᠲᠦᠷ
