ᠰᠢᠨ᠎ᠡ ᠮᠠᠯᠴᠢᠳ ( ᠣᠷᠱᠤᠨ ᠭᠣᠣᠯ ) - ᠦᠭᠡ ᠂ ᠠᠶ᠎ᠠ ᠄ ᠳ᠋ᠧ ᠂ ᠰᠣᠶᠣᠯ Шинэ малчид ( Оршин гол ) – Үг ᠂ Ая ᠄ Д ᠂ Соёл
ᠰᠢᠨ᠎ᠡ ᠮᠠᠯᠴᠢᠳ
ᠦᠭᠡ ᠂ ᠠᠶ᠎ᠠ ᠄ ᠳ᠋ᠸ · ᠰᠣᠶᠣᠯ
ᠰᠢᠯᠪᠢᠭᠦᠷ ᠰᠠᠶ᠋ᠢᠬᠠᠨ ᠤᠷᠬ᠋᠎ᠠ ᠪᠠᠨ ᠪᠠᠷᠢᠭᠠᠳ
ᠰᠢᠯᠢ ᠪᠡᠷ ᠮᠠᠯ ᠶ᠋ᠢᠠᠨ ᠠᠲᠤᠭᠤᠯᠤᠨ᠍ᠡ
ᠰᠢᠨᠵᠢᠯᠡᠵᠦ ᠰᠤᠲᠤᠯᠤᠭᠠᠳ ᠪᠦᠲᠦᠭᠡᠬᠦ ᠳᠤ
ᠰᠢᠢᠳᠦᠭᠰᠡᠨ ᠵᠣᠷᠢᠬ ᠶ᠋ᠢᠠᠨ ᠪᠡᠶᠡᠯᠡᠭᠦᠯᠦᠨ᠎ᠡ ᠃
ᠥᠩᠭᠡ ᠵᠢᠰᠦ ᠪᠡᠷ ᠭᠣᠶᠣᠬᠠᠨ
ᠦᠷᠡᠵᠢᠯ ᠰᠠᠶ᠋ᠢᠲᠠᠢ ᠮᠠᠯ ᠮᠢᠨᠢ ᠂
ᠦᠨᠦ ᠱᠠᠯᠠᠪᠲᠠᠨ ᠠᠵᠢᠯᠯᠠᠬᠤ ᠳᠤ
ᠤᠯᠠᠷᠢᠯ ᠦ᠋ᠨ ᠰᠠᠶ᠋ᠢᠬᠠᠨ ᠳ᠋ᠤ ᠣᠯᠠᠰᠢᠷᠠᠨ᠎ᠠ ᠃
ᠲᠠᠷᠮᠠᠭᠤᠯ ᠮᠠᠰᠢᠨ ᠵᠢᠯᠣᠭᠣᠲᠣᠭᠠᠳ
ᠲᠠᠩᠰᠤᠭ ᠪᠣᠷᠲᠣᠬ᠋ᠠ ᠬᠤᠷᠢᠶᠠᠨ᠎ᠠ ᠂
ᠤᠷᠬ᠋᠎ᠠ ᠪᠠᠨ ᠪᠠᠷᠢᠬᠰᠠᠨ ᠮᠠᠯᠴᠢᠳ
ᠤᠯᠤᠰ ᠦ᠋ᠨ ᠵᠢᠱ᠌ᠢᠶᠡᠴᠢ ᠪᠣᠯᠤᠨ᠎ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 22 ᠦᠨ ᠡᠲᠦᠷ

