ᠮᠠᠩᠨᠤᠭ ᠲᠠᠯ᠎ᠠ ( ᠣᠷᠱᠤᠨ ᠭᠣᠣᠯ ) - ᠦᠭᠡ ᠂ ᠠᠶ᠎ᠠ ᠄ ᠴᠢᠯᠠᠭᠤ Магнаг тал ( Оршин гол ) – Үг ᠂ Ая ᠄ Чулуу
ᠮᠠᠩᠨᠤᠭ ᠲᠠᠯ᠎ᠠ
ᠦᠭᠡ ᠂ ᠠᠶ᠎ᠠ ᠄ ᠴᠢᠯᠠᠭᠤ
ᠮᠠᠩᠨᠤᠭ ᠲᠠᠯ᠎ᠠ ᠮᠢᠨᠢ ᠵᠢᠷᠭᠠᠯ ᠦ᠋ᠨ ᠣᠷᠣᠨ ᠳ᠋ᠠ
ᠮᠠᠯᠴᠢᠨ ᠪᠢᠲᠡᠨ ᠪ ᠠᠮᠢᠯᠠᠯ ᠦ᠋ᠨ ᠴᠡᠴᠡᠭ ᠡ
ᠲᠠᠩᠭᠢᠰ ᠳᠠᠯᠠᠢ ᠮᠡᠲᠦ ᠠᠭᠤᠲᠠᠮ ᠥᠷᠥᠴᠡ ᠲᠡᠢ
ᠲᠠᠨ᠎ᠠ ᠰᠤᠪᠤᠳ ᠮᠡᠲᠦ ᠦᠵᠡᠰᠬᠦᠯᠡᠩ ᠭᠣᠶᠣᠬᠠᠨ
ᠦᠲᠡᠰᠢ ᠶ᠋ᠢᠨ ᠰᠠᠷ᠎ᠠ ᠴᠢᠨᠢ ᠠᠷᠴᠢᠬᠰᠠᠨ ᠲᠣᠯᠢ ᠮᠡᠲᠦ
ᠥᠨᠲᠥᠷ ᠣᠭᠲᠠᠷᠭᠤᠢ ᠳᠤ ᠴᠢᠨᠢ ᠮᠢᠨᠲᠠᠰᠤᠨ ᠴᠡᠴᠡᠭ ᠲᠡᠢ
ᠪᠣᠭᠲᠠ ᠠᠭᠤᠯᠠ ᠴᠢᠨᠢ ᠵᠢᠷᠦᠬᠡᠨ ᠪ ᠰᠢᠵᠢᠮ ᠡ
ᠪᠤᠶ᠋ᠢᠷ ᠬᠥᠯᠥᠨ ᠴᠢᠨᠢ ᠨᠢᠲᠦᠨ ᠪ ᠴᠢᠮᠡᠭ ᠡ
ᠷᠠᠰᠢᠶᠠᠨ ᠪᠤᠯᠠᠭ ᠴᠢᠨᠢ ᠠᠮᠢᠯᠠᠯ ᠦ᠋ᠨ ᠰᠤᠲᠠᠰᠤ ᠡ
ᠠᠮᠢᠲᠠᠨ ᠪᠦᠬᠦᠨ ᠪ ᠴᠡᠩᠭᠡᠯ ᠦ᠋ᠨ ᠣᠷᠣᠨ ᠳ᠋ᠠ ᠃
ᠮᠠᠩᠨᠤᠭ ᠲᠠᠯ᠎ᠠ ᠮᠢᠨᠢ ᠵᠢᠷᠭᠠᠯ ᠦ᠋ᠨ ᠣᠷᠣᠨ
ᠮᠠᠯᠴᠢᠨ ᠪᠢᠲᠡᠨ ᠪ ᠠᠮᠢᠯᠠᠯ ᠦ᠋ᠨ ᠴᠡᠴᠡᠭ ᠡ
ᠥᠷᠥᠮ᠎ᠡ ᠰᠦ᠋ ᠪᠡᠷ ᠬᠥᠨᠥᠭ ᠪᠢᠯᠬᠠᠮ᠎ᠠ
ᠥᠩᠭᠡ ᠶ᠋ᠢᠨ ᠴᠡᠴᠡᠭ ᠲᠠᠯ᠎ᠠ ᠪᠠᠷ ᠳᠦᠭᠦᠷᠡᠩ
ᠦᠬᠡᠷ ᠬᠣᠨᠢ ᠰᠦᠷᠦᠭᠯᠡᠨ ᠪᠡᠯᠴᠢᠭᠡᠳ
ᠥᠷᠨᠢᠯ ᠳᠡᠪᠰᠢᠯᠲᠡ ᠴᠢᠨᠢ ᠵᠢᠷᠤᠭ ᠠᠲᠠᠯᠢᠬᠠᠨ
ᠢᠰᠡᠭᠡᠢ ᠭᠡᠷ ᠶ᠋ᠢᠡᠷ ᠢᠨᠢᠶᠡᠲᠦ ᠴᠤᠤᠷᠢᠶᠠᠲᠠᠭᠠᠳ
ᠢᠲᠡᠭᠡᠯ ᠦ᠋ᠨ ᠳᠠᠭᠤᠯᠠᠯ ᠡᠭᠦᠯᠡᠨ ᠳᠤ ᠰᠢᠷᠭᠤᠨ᠎ᠠ
ᠮᠠᠰᠢᠨ᠎ᠠ ᠲᠸᠭᠨᠢᠭ ᠲᠦ ᠵᠢᠭᠦᠷ ᠤᠷᠭᠤᠭᠠᠳ
ᠮᠠᠷᠭᠠᠰᠢ ᠶ᠋ᠢᠨ ᠬᠦᠰᠡᠯᠡᠩ ᠲᠡᠰᠢ ᠬᠤᠷᠲᠤᠯᠠᠨ ᠳᠠᠪᠬᠢᠨ᠎ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 22 ᠦᠨ ᠡᠲᠦᠷ


