ᠰᠠᠢᠨ ᠪᠠᠢᠨ᠎ᠠ ᠤᠤ ( ᠣᠷᠱᠤᠨ ᠭᠣᠣᠯ ) - ᠦᠭᠡ ᠂ ᠠᠶ᠎ᠠ ᠄ ᠸᠠᠴᠢᠷᠵᠠᠪ Сайн байна уу ( Оршин гол ) – Үг ᠂ Ая ᠄ Очиржав
ᠰᠠᠢᠨ ᠪᠠᠢᠨ᠎ᠠ ᠤᠤ
ᠦᠭᠡ ᠠᠶ᠎ᠠ ᠄ ᠸᠴᠢᠷᠵᠠᠪ
ᠠᠩᠭᠢᠷ ᠪᠠᠬ᠋᠎ᠠ ᠶ᠋ᠢᠨ ᠠᠯᠢᠶᠠᠬᠠᠨ ᠨᠠᠰᠤᠨ ᠳ᠋ᠠᠭᠠᠨ
ᠠᠷᠠᠳ ᠦ᠋ᠨ ᠰᠤᠷᠭᠠᠭᠤᠯᠢ ᠳᠤ ᠡᠷᠲᠡᠮ ᠳᠡᠭᠡᠵᠢᠯᠡᠭᠡᠳ
ᠠᠵᠢᠯ ᠦᠢᠯᠡᠰ ᠦ᠋ᠨ ᠠᠯᠲᠠᠨ ᠮᠦᠷ ᠶ᠋ᠢᠡᠷ
ᠠᠷᠪᠠᠨ ᠵᠦᠭ ᠲᠡᠭᠡᠨ ᠳᠡᠭᠦᠯᠢᠨ ᠮᠣᠷᠲᠠᠭᠠᠳ
ᠢᠲᠡᠷ ᠨᠠᠰᠤᠨ ᠳ᠋ᠠᠭᠠᠨ ᠡᠷᠭᠢᠵᠦ ᠠᠭᠤᠯᠵᠠᠬᠤ
ᠡᠨᠡ ᠬᠣᠷᠸ᠋᠎ᠠ ᠶ᠋ᠢᠨ ᠵᠢᠷᠭᠠᠯ ᠦ᠋ᠨ ᠳᠡᠭᠡᠵᠢ ᠪᠠᠢᠨ᠎ᠠ
ᠨᠠᠶ᠋ᠢᠵᠠ ᠨᠠᠷ ᠮᠢᠨᠢ ᠰᠠᠶ᠋ᠢᠨ ᠪᠠᠢᠨ᠎ᠠ ᠤᠤ
ᠰᠠᠶ᠋ᠢᠨ ᠪᠠᠢᠨ᠎ᠠ ᠤᠤ ᠨᠠᠶ᠋ᠢᠵᠠ ᠨᠠᠷ ᠮᠢᠨᠢ
ᠠᠮᠵᠢᠯᠲᠠ ᠪᠦᠲᠦᠭᠡᠯ ᠶ᠋ᠢᠡᠨ ᠠᠷᠠᠳ ᠲᠠᠭᠠᠨ ᠡᠷᠭᠦᠭᠡᠳ
ᠠᠯᠲᠠᠷ ᠨᠡᠷ᠎ᠡ ᠪᠡᠨ ᠲᠦᠮᠡᠨ ᠳ᠋ᠡᠭᠡᠨ ᠳᠠᠭᠤᠷᠢᠰᠤᠭᠤᠯᠤᠭᠠᠳ ᠂
ᠮᠥᠩᠭᠥᠨ ᠬᠢᠷᠠᠭᠤ ᠶ᠋ᠢ ᠰᠠᠨᠴᠢᠬ ᠲᠠᠭᠠᠨ ᠨᠠᠮᠢᠷᠠᠭᠤᠯᠤᠭᠠᠳ
ᠠᠯᠲᠠᠨ ᠮᠸᠲ᠋ᠠᠯ ᠊ᠢ ᠡᠩᠭᠡᠷ ᠲᠡᠭᠡᠨ ᠭᠢᠯᠠᠯᠵᠠᠭᠤᠯᠤᠭᠠᠳ ᠃
ᠳᠠᠭᠢᠯᠲᠠ
ᠦᠯᠡᠲᠡᠵᠦ ᠪᠠᠶ᠋ᠢᠬ᠋᠎ᠠ ᠥᠲᠡᠯᠬᠦ ᠨᠠᠰᠤ ᠪᠠᠨ
ᠥᠯᠥᠭᠡᠢ ᠨᠤᠲᠤᠭ ᠦ᠋ᠨ ᠶ᠋ᠢᠠᠨ ᠬᠥᠭᠵᠢᠯ ᠳᠤ ᠵᠣᠷᠢᠭᠤᠯᠤᠭᠠᠳ ᠂
ᠦᠢᠯᠡᠰ ᠪᠦᠲᠦᠭᠡᠯ ᠲᠡᠢ ᠠᠮᠢᠲᠤᠷᠠᠵᠤ ᠪᠠᠶ᠋ᠢᠵᠠᠢ ᠭᠡᠵᠦ
ᠦᠨᠡᠲᠦ ᠨᠡᠷ᠎ᠡ ᠪᠡᠨ ᠮᠥᠩᠬᠡ ᠦᠯᠡᠲᠡᠭᠡᠬᠦ ᠭᠡᠳ
ᠳᠠᠭᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠳᠠᠰᠢᠮ᠎ᠠ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 22 ᠦᠨ ᠡᠲᠦᠷ


