ᠵᠠᠩᠭᠠᠷ ᠤ᠋ᠨ ᠲᠤᠤᠯᠢ ᠣᠷᠣᠰᠢᠯ ᠪᠦᠯᠦᠭ ᠦᠨ ᠨᠢᠭᠡᠳᠦᠭᠡᠷ ᠬᠡᠰᠡᠭᠯᠡᠯ- ᠠᠷᠦ ᠪᠣᠮᠪᠣ ᠶᠢᠨ ᠣᠷᠣᠨЖангарын тууль оршил бөлгийн нэгдүгээр хэсэглэл-ар бомбын орон ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠲᠤᠤᠯᠢ ᠣᠷᠣᠰᠢᠯ ᠪᠦᠯᠦᠭ ᠦᠨ ᠨᠢᠭᠡᠳᠦᠭᠡᠷ ᠬᠡᠰᠡᠭᠯᠡᠯ- ᠠᠷᠦ ᠪᠣᠮᠪᠣ ᠶᠢᠨ ᠣᠷᠣᠨЖангарын тууль оршил бөлгийн нэгдүгээр хэсэглэл-ар бомбын орон

ᠵᠠᠩᠭᠠᠷ ᠤ᠋ᠨ ᠲᠤᠤᠯᠢ ᠣᠷᠣᠰᠢᠯ ᠪᠦᠯᠦᠭ ᠦᠨ ᠨᠢᠭᠡᠳᠦᠭᠡᠷ ᠬᠡᠰᠡᠭᠯᠡᠯ- ᠠᠷᠦ ᠪᠣᠮᠪᠣ ᠶᠢᠨ ᠣᠷᠣᠨЖангарын тууль оршил бөлгийн нэгдүгээр хэсэглэл-ар бомбын орон

ᠠᠩᠭᠢᠯᠠᠯ:ᠲᠤᠤᠯᠢᠰ
2024-04-23

12348

ᠵᠠᠩᠭᠠᠷ ᠲᠤᠤᠯᠢ ᠣᠷᠣᠰᠢᠯ ᠪᠦᠯᠦᠭ ᠦᠨ ᠨᠢᠭᠡᠳᠦᠭᠡᠷ ᠬᠡᠰᠡᠭᠯᠡᠯ

   ᠠᠷᠤ ᠪᠤᠮᠪᠠ ᠶ᠋ᠢᠨ ᠣᠷᠣᠨ


ᠲᠣᠳᠣ ᠭᠡᠳᠡᠭ ᠨᠡᠷᠡᠲᠡᠢ ᠬᠤᠷᠳᠤᠨ ᠰᠢᠪᠠᠭᠤ᠂ 

ᠲᠣᠯᠣᠭᠠᠢ ᠳ᠋ᠤᠨᠢ ᠭᠠᠷᠴᠤ ᠲᠣᠣᠷᠯᠠᠭᠠᠳ ᠦᠭᠡᠢ᠂ 

ᠳᠣᠷᠣᠭᠣ ᠲᠠᠢ ᠠᠭᠲᠠ ᠬᠦᠯᠦᠭ ᠬᠤᠷ᠎ᠠ ᠨᠢ ᠪᠣᠯᠬᠤ᠂ 

ᠲᠤᠩ ᠬᠣᠷᠮᠣᠢ ᠳ᠋ᠤᠨᠢ ᠬᠦᠷᠴᠦ ᠭᠢᠰᠬᠢᠭᠡ ᠦᠭᠡᠢ᠂ 

ᠲᠣᠭᠣᠰ ᠠᠯᠲᠠᠢ ᠶ᠋ᠢᠨ ᠪᠠᠷᠠᠭᠤᠨ ᠰᠤᠭᠤ ᠳ᠋ᠤ᠌ ᠨᠤᠲᠤᠭᠯᠠᠭᠰᠠᠨ 

ᠠᠯᠳᠠᠷ ᠨᠣᠶᠠᠨ ᠵᠠᠩᠭᠠᠷ ᠤ᠋ᠨ ᠨᠤᠲᠤᠭ᠂ 

ᠠᠷᠤ ᠪᠤᠮᠪᠠ ᠶ᠋ᠢᠨ ᠣᠷᠣᠨ ᠢ᠋ 

ᠡᠨᠳᠡ ᠰᠠᠭᠤᠭᠰᠠᠨ ᠲᠠᠨᠠᠷ ᠲᠠᠭᠠᠨ᠂ 

ᠡᠬᠡᠰᠢᠭ ᠳᠠᠭᠤᠤ ᠪᠠᠷ ᠤᠶᠠᠩᠭᠠᠯᠠᠭᠠᠳ᠂ 

ᠡᠨᠳᠡᠯ ᠦᠭᠡᠢ ᠯᠠᠪᠯᠠᠰᠬᠢᠭᠡᠳ᠂ 

ᠡᠪᠦᠭᠡ ᠳᠡᠭᠡᠳᠦᠰ ᠡᠴᠡ ᠨᠠᠭᠠᠷ᠎ᠠ ᠪᠠᠨ 

ᠣᠳᠣ ᠬᠦᠷᠲᠡᠯ᠎ᠡ ᠵᠠᠯᠭᠠᠭᠰᠠᠨ᠂ 

ᠤᠭ ᠲᠠᠢ ᠵᠠᠩᠭᠠᠷᠴᠢ ᠨᠠᠷ ᠤ᠋ᠨ ᠶᠣᠰᠣ ᠪᠠᠷ 

ᠬᠡᠯᠡᠭᠡᠳ ᠢᠷᠡᠳᠡᠭ ᠪᠣᠯᠬᠤᠯ᠎ᠠ᠂ 

ᠲᠡᠭᠷᠢ ᠶ᠋ᠢᠨ ᠣᠯᠠᠨ ᠠᠷᠢᠶᠠᠲᠠᠨ ᠵᠢᠭᠦᠷᠲᠡᠨ 

ᠲᠣᠭᠣᠰ ᠠᠯᠲᠠᠢ ᠳ᠋ᠤ᠌ ᠳᠣᠣᠭᠤᠷᠯᠠᠭᠰᠠᠨ ᠭᠡᠨ᠎ᠡ ᠯᠡ᠂ 

ᠲᠢᠪ ᠦ᠋ᠨ ᠶᠡᠬᠡ ᠡᠳ᠋ ᠡᠷᠳᠡᠨᠢᠰ᠂ 

ᠲᠣᠭᠣᠰ ᠠᠯᠲᠠᠢ ᠳ᠋ᠤ᠌ ᠰᠦᠨᠳᠡᠷᠯᠡᠭᠰᠡᠨ ᠭᠡᠨ᠎ᠡ ᠯᠡ 

ᠠᠭᠠᠷᠠᠤ ᠽᠠᠨᠳᠠᠨ ᠭᠡᠳᠡᠭ ᠮᠣᠳᠣᠨ ᠴᠢᠨᠢ᠂ 

ᠠᠭᠠᠷ ᠲᠤ᠌ ᠲᠤᠯᠤᠨ ᠤᠷᠭᠤᠭᠰᠠᠨ ᠰᠠᠨᠵᠠᠢ ᠭᠡᠨ᠎ᠡ ᠯᠡ 

ᠠᠯᠠᠭ ᠰᠤᠬᠠᠢ ᠭᠡᠳᠡᠭ ᠮᠣᠳᠣᠨ ᠴᠢᠨᠢ᠂ 

ᠠᠴᠢ ᠳᠠᠴᠢ ᠠᠪᠤᠯᠴᠠᠨ ᠤᠷᠭᠤᠭᠰᠠᠨ ᠰᠠᠨᠵᠠᠢ ᠭᠡᠨ᠎ᠡ ᠯᠡ 

ᠥᠷᠭᠡᠨ ᠰᠡᠷᠡᠳᠡᠭ ᠭᠡᠳᠡᠭ ᠳᠠᠯᠠᠢ ᠴᠢᠨᠢ᠂ 

ᠥᠷᠢᠭᠦᠦ ᠵᠥᠷᠢᠭᠦᠦ ᠤᠷᠤᠰᠬᠠᠯ ᠲᠠᠢ ᠭᠡᠨ᠎ᠡ ᠯᠡ᠂ 

ᠦᠬᠡᠷ ᠬᠣᠨᠢ ᠶ᠋ᠢᠨ ᠴᠢᠨᠡᠭᠡᠨ ᠴᠢᠯᠠᠭᠤᠳ ᠢ᠋ 

ᠦᠩᠬᠦ ᠲᠦᠩᠬᠦ ᠴᠤᠬᠢᠯᠴᠠᠭᠤᠯᠤᠨ ᠤᠷᠤᠰᠳᠠᠭ ᠰᠠᠨᠵᠠᠢ ᠭᠡᠨ᠎ᠡ ᠯᠡ 

ᠬᠠᠯᠢᠶᠠᠬᠤᠯᠠᠷ ᠵᠢᠰᠦ ᠨᠢ ᠨᠢᠭᠡ ᠭᠡᠨ᠎ᠡ ᠯᠡ᠂ 

ᠬᠠᠳᠬᠤᠬᠤᠯᠠᠷ ᠴᠢᠰᠤ ᠨᠢ ᠨᠢᠭᠡ ᠭᠡᠨ᠎ᠡ ᠯᠡ 

ᠬᠠᠢᠬᠢᠷᠠᠭᠠᠳ ᠣᠳᠬᠤᠯᠠᠷ ᠤᠷᠢᠶ᠎ᠠ ᠨᠢ ᠨᠢᠭᠡ ᠭᠡᠨ᠎ᠡ ᠯᠡ 

ᠲᠠᠤᠯᠠᠢ ᠴᠣᠬᠢᠬᠤᠯᠠᠷ ᠢᠳᠡᠰᠢ ᠨᠢ ᠨᠢᠭᠡ ᠭᠡᠨ᠎ᠡ ᠯᠡ 

ᠲᠣᠪᠴᠢ ᠨᠢ ᠲᠠᠰᠤᠷᠠᠬᠤᠯᠠᠷ ᠭᠠᠷᠤ ᠨᠢᠭᠡ ᠭᠡᠨ᠎ᠡ ᠯᠡ 

ᠴᠢ ᠪᠢ ᠭᠡᠳᠡᠭ ᠬᠠᠳᠬᠤᠯᠳᠤᠭᠠᠨ ᠦᠭᠡᠢ ᠭᠡᠨ᠎ᠡ ᠯᠡ᠂ 

ᠴᠢᠨᠦ ᠮᠢᠨᠦ ᠭᠡᠳᠡᠭ ᠪᠤᠯᠢᠶᠠᠯᠳᠤᠭᠠᠨ ᠦᠭᠡᠢ ᠭᠡᠨ᠎ᠡ ᠯᠡ 

ᠱᠠᠭᠠᠭᠰᠠᠨ ᠵᠡᠯ᠎ᠡ ᠶ᠋ᠢᠨ ᠭᠠᠰᠤᠨ ᠪᠣᠯᠬᠤᠯ᠎ᠠ᠂ 

ᠰᠠᠢᠬᠢ ᠶᠣᠰᠣ ᠪᠠᠷ ᠦᠮᠬᠡᠷᠡᠳᠡᠭ ᠶᠣᠰᠣᠨ ᠦᠭᠡᠢ ᠭᠡᠨ᠎ᠡ ᠯᠡ 

ᠱᠢᠳᠠᠭᠠᠭᠰᠠᠨ ᠭᠠᠯ ᠤ᠋ᠨ ᠨᠣᠷᠣᠮ ᠨᠢ ᠪᠣᠯᠬᠤᠯ᠎ᠠ᠂ 

ᠰᠠᠢᠬᠢ ᠶᠣᠰᠣ ᠪᠠᠷ ᠤᠨᠲᠠᠷᠠᠳᠠᠭ ᠶᠣᠰᠣᠨ ᠦᠭᠡᠢ ᠭᠡᠨ᠎ᠡ ᠯᠡ 

ᠰᠡᠷ ᠰᠡᠷ ᠭᠡᠰᠡᠨ ᠰᠠᠯᠬᠢ ᠲᠠᠢ᠂ ᠪᠦᠷ ᠪᠦᠷ ᠭᠡᠰᠡᠨ ᠬᠤᠷ᠎ᠠ ᠲᠠᠢ 

ᠪᠤᠮᠪᠠ ᠶ᠋ᠢᠨ ᠰᠠᠢᠬᠠᠨ ᠣᠷᠣᠨ ᠭᠡᠵᠦ
ᠬᠡᠯᠡᠳᠡᠭ ᠰᠠᠨᠵᠠᠢ ᠭᠡᠨ᠎ᠡ ᠯᠤ

 


ᠦᠭᠡᠰ ᠦ᠋ᠨ ᠲᠠᠶ᠋ᠢᠯᠪᠤᠷᠢ ᠄

ᠦᠭᠡᠰ ᠦ᠋ᠨ ᠲᠠᠶ᠋ᠢᠯᠪᠤᠷᠢ 
1.
 ᠲᠣᠣᠷᠯᠠᠭᠠᠳ  ᠪᠠᠭᠤᠳᠠᠯᠯᠠᠭᠠᠳ ᠂ ᠨᠤᠲᠤᠭᠯᠠᠭᠠᠳ ᠂ ᠠᠮᠢᠳᠤᠷᠠᠭᠠᠳ 
2.
ᠬᠤᠷ᠎ᠠ ᠨᠢ ᠪᠣᠯᠬᠤ ᠡᠬᠡ ᠡᠴᠡ ᠪᠡᠨ ᠲᠥᠷᠥᠭᠰᠡᠨ ᠴᠠᠭ ᠠ᠋ᠴᠠ ᠪᠠᠨ ᠬᠤᠶ᠋ᠢᠰᠢ ᠬᠦᠴᠦ ᠲᠠᠷᠭᠤ ᠪᠠᠨ ᠠᠯᠳᠠᠭ᠎ᠠ ᠦᠭᠡᠢ ᠂ ᠡᠴᠡᠵᠦ ᠲᠤᠷᠠᠭ᠎ᠠ ᠦᠭᠡᠢ ᠬᠦᠴᠦ ᠴᠢᠳᠠᠯ ᠢ᠋ᠶ᠋ᠠᠨ ᠬᠠᠲᠠᠭᠠᠯᠠᠭᠰᠠ 
3.
 ᠲᠤᠩ ᠣᠭᠲᠣ ᠂ ᠶᠡᠷᠦᠨᠢ  ᠶᠡᠷᠦᠳᠡᠭᠡᠨ 
4.
 ᠯᠠᠪᠯᠠᠰᠬᠢᠭᠠᠳ( ᠯᠠᠪᠯᠠᠰᠬᠢᠭᠡᠳ) — ᠪᠠᠲᠤᠳᠬᠠᠭᠠᠳ  ᠲᠣᠳᠣᠯᠠᠭᠠᠳ ᠂ ᠲᠣᠭᠠᠴᠢᠭᠠᠳ ᠂ ᠯᠠᠪᠯᠠᠭᠠᠳ ᠃
5.
ᠨᠠᠭᠠᠷ᠎ᠠ ᠪᠠᠨ ᠨᠠᠭᠠᠰᠢ ᠪᠠᠨ 
6.
ᠵᠠᠯᠭᠠᠭᠰᠠᠨ — ᠵᠠᠯᠭᠠᠮᠵᠢᠯᠠᠭᠰᠠᠨ ᠂ ᠥᠪᠯᠡᠨ ᠤᠯᠠᠮᠵᠢᠯᠠᠭᠰᠠᠨ ᠃
7.
ᠤᠭ ᠲᠠᠢ ᠤᠤᠯ ᠤ᠋ᠨ ᠂ ᠡᠷᠲᠡᠨ ᠦ᠌  ᠤᠳᠤᠮ ᠤᠭᠰᠠᠭ᠎ᠠ ᠲᠠᠢ  ᠤᠳᠤᠮ ᠤᠭᠰᠠᠭᠠᠨ ᠤ᠋ 
8.
ᠲᠣᠣᠷᠯᠠᠭᠰᠠᠨ — ᠪᠠᠭᠤᠳᠠᠯᠯᠠᠭᠰᠠᠨ ᠂ ᠨᠤᠲᠤᠭᠯᠠᠭᠰᠠᠨ ᠂ ᠣᠯᠠᠨ ᠢ᠋ᠶ᠋ᠠᠷ ᠴᠤᠭᠯᠠᠨ ᠠᠮᠢᠳᠤᠷᠠᠭᠰᠠᠨ 
9.
 ᠰᠡᠷᠲᠡᠭ ᠭᠠᠵᠠᠷ ᠤᠰᠤ ᠂ ᠮᠥᠷᠡᠨ ᠲᠠᠩᠭᠢᠰ ᠤ᠋ᠨ ᠨᠡᠷ᠎ᠡ ᠃
10
 ᠥᠷᠢᠭᠦᠦ ᠵᠥᠷᠢᠭᠦᠦ — ᠬᠣᠶᠠᠷ ᠲᠠᠯ᠎ᠠ ᠠ᠋ᠴᠠ ᠵᠥᠷᠢᠯᠳᠦᠬᠦ 
11.
 ᠦᠩᠬᠦ ᠲᠦᠩᠬᠦ — ᠥᠩᠬᠥᠷᠢᠯᠴᠡᠨ ᠂ ᠲᠣᠰᠤᠯᠴᠠᠨ ᠃
12.
 ᠬᠠᠯᠢᠶᠠᠬᠤᠯᠠᠷ  ᠬᠠᠷᠠᠬᠤᠯᠠᠷ 
13.
 ᠬᠠᠶ᠋ᠢᠬᠢᠷᠠᠭᠠᠳ  ᠬᠠᠰᠭᠢᠷᠠᠭᠠᠳ 
14.
 ᠭᠠᠷᠤ  ᠭᠠᠷᠤᠯᠭ᠎ᠠ ᠂ ᠭᠠᠷᠤᠵᠠ ᠃
15.
 ᠭᠠᠰᠤᠨ  ᠭᠠᠳᠠᠰᠤ  ᠭᠠᠲᠠᠰᠤᠨ 
16.
 ᠬᠠᠳᠬᠤᠯᠳᠤᠭᠠᠨ ᠦᠭᠡᠢ — ᠵᠢᠭᠤᠷᠠᠯᠳᠤᠭᠠᠨ  ᠵᠢᠮᠡᠯᠡᠯᠴᠡᠭᠡᠨ ᠵᠥᠷᠢᠴᠡᠯ ᠮᠠᠷᠭᠤᠭᠠᠨ ᠦᠭᠡᠢ ᠃
17.
 ᠰᠠᠢᠬᠢ ᠶᠣᠰᠣ ᠪᠠᠷ ᠤᠭ ᠶᠣᠰᠣ ᠪᠠᠷ ᠂ ᠤᠭ ᠤ᠋ᠨ ᠬᠡᠪ ᠢ᠋ᠶ᠋ᠡᠷ ᠢ᠋ᠶ᠋ᠡᠨ ᠂ ᠤᠭ ᠤ᠋ᠨ ᠪᠠᠶ᠋ᠢᠬᠰᠠᠨ ᠬᠡᠪ ᠢ᠋ᠶ᠋ᠡᠷ 
18.
 ᠲᠣᠳᠣ ᠰᠢᠪᠠᠭᠤᠨ ᠤ᠋ ᠨᠡᠷ᠎ᠡ ᠂ ᠳᠠᠭᠤᠨ ᠠ᠋ᠴᠠ ᠬᠤᠷᠳᠤᠨ ᠂ ᠰᠤᠮᠤᠨ ᠠ᠋ᠴᠠ ᠬᠤᠷᠳᠤᠨ ᠨᠢᠰᠳᠡᠭ ᠰᠢᠪᠠᠭᠤ ᠃
19.
 ᠥᠮᠬᠡᠷᠡᠲᠡᠭ ᠦᠭᠡᠢ — ᠢᠲᠡᠭᠲᠡᠲᠡᠭ ᠦᠭᠡᠢ ᠂ ᠢᠯᠵᠢᠷᠡᠳᠡᠭ ᠦᠭᠡᠢ ᠂ ᠮᠣᠳᠣ ᠭᠠᠵᠠᠷ ᠲᠤ᠌ ᠪᠤᠯᠠᠭᠳᠠᠭᠠᠳ ᠬᠡᠴᠢᠨᠡᠨ ᠤᠳᠠᠭᠰᠠᠨ ᠴᠤ᠌ ᠤᠭ ᠬᠡᠪ ᠢ᠋ᠶ᠋ᠡᠷ ᠢ᠋ᠶ᠋ᠡᠨ ᠪᠠᠶ᠋ᠢᠬᠤ 
20.
ᠪᠤᠮᠪᠠ ᠶ᠋ᠢᠨ ᠣᠷᠣᠨ — ᠥᠨᠢ ᠡᠭᠦᠷᠢᠳᠡ ᠠᠮᠤᠭᠤᠯᠠᠩ ᠲᠠᠶ᠋ᠢᠪᠤᠩ ᠪᠠᠶ᠋ᠢᠲᠠᠭ ᠣᠷᠣᠨ ᠨᠤᠲᠤᠭ ᠂ ᠤᠯᠤᠰ ᠣᠷᠣᠨ ᠃


ᠠᠷᠤ ᠪᠤᠮᠪᠠ ᠶᠢᠨ ᠣᠷᠣᠨ ᠤ ᠲᠠᠢᠯᠤᠮᠵᠢ