ᠪᠠᠢᠷᠢ – ᠲ ᠂ ᠭᠣᠮᠪᠣᠵᠠᠪ Байр – Т ᠂ Гомбожав
ᠪᠠᠢᠷᠢ
ᠲ ᠂ ᠭᠣᠮᠪᠣᠵᠠᠪ
ᠠᠪᠤ ᠶ᠋ᠢᠨ ᠮᠢᠨᠢ ᠬᠢᠯᠢᠩ ᠨᠠᠮᠠᠶ᠋ᠢ ᠲᠠᠰᠢᠭᠤᠷᠲᠠᠨᠠ
ᠠᠪᠤ ᠳ᠋ᠤ᠌ ᠵᠡᠭᠦᠳᠦᠯᠡᠭᠳᠡᠳᠡᠭ ᠳᠠᠪᠠᠭᠠᠨ ᠡᠩᠭᠡᠷ ᠦ᠋ᠨ ᠪᠡᠯᠴᠢᠭᠡᠷ
ᠠᠯᠠᠬ᠋᠎ᠠ ᠪᠠᠨ ᠰᠠᠷᠪᠠᠶ᠋ᠢᠵᠤ
ᠠᠲᠤᠭᠤ ᠪᠠᠨ ᠠᠪᠴᠢᠷᠠᠭᠰᠠᠨ ᠦᠭᠡᠢ ᠂ ᠦᠭᠡᠢ ! ᠭᠡᠵᠦ ᠨᠠᠮᠠᠶ᠋ᠢ ᠵᠠᠭᠠᠯᠲᠤᠵᠠᠢ ᠃
ᠠᠪᠠᠬ᠋᠎ᠠ ᠶ᠋ᠢᠨ ᠮᠢᠨᠢ ᠬᠦᠢᠲᠡᠨ ᠰᠡᠭᠦᠷᠡᠰᠦ ᠨᠠᠮᠠᠶ᠋ᠢ ᠲᠠᠰᠢᠭᠤᠷᠲᠠᠨᠠ ᠃
ᠠᠷᠤ ᠶ᠋ᠢᠨ ᠬᠥᠲᠥᠯ ᠳᠡᠭᠡᠷ᠎ᠡ
ᠠᠶ᠋ᠢᠯ ᠦ᠋ᠨ ᠪᠡᠷᠭᠡᠨ ᠪ ᠢᠨᠢᠶᠡᠲᠦ ᠬᠥᠭᠵᠢᠮᠳᠡᠭᠰᠡᠨ
ᠠᠯᠢᠶ᠎ᠠ ᠪᠣᠲᠣᠯ ᠦ᠋ᠨ ᠳᠡᠭᠵᠢᠨ ᠦᠭᠡᠰ
ᠠᠪᠠᠬ᠋᠎ᠠ ᠳ᠋ᠤ᠌ ᠮᠢᠨᠢ ᠬᠠᠷᠠᠭᠲᠠᠵᠠᠢ ᠃
ᠡᠵᠢ ᠮᠢᠨᠢ ᠰᠡᠤᠠᠬᠢᠯ ᠬᠦᠨᠲᠦᠬᠡᠨ ᠠᠮᠢᠰᠬᠤᠯᠯᠠᠨ᠎ᠠ
ᠡᠰᠭᠡᠭᠰᠡᠨ ᠳᠡᠪᠡᠯ ᠦ᠋ᠨ ᠬᠢᠨᠢ ᠬᠦᠰᠡᠷᠳᠡᠭᠰᠡᠨ ᠰᠠᠨᠠᠬ᠋᠎ᠠ
ᠡᠮᠦᠰᠬᠡᠯ ᠭᠣᠯᠣᠭᠰᠠᠨ ᠮᠢᠨᠦ ᠪᠡᠶ᠎ᠡ ᠡᠴᠡ
ᠡᠵᠢ ᠳ᠋ᠤ᠌ ᠮᠢᠨᠢ ᠪᠠᠭᠤᠵᠤ
ᠰᠡᠤᠠᠬᠢᠯ ᠦ᠋ᠨ ᠬᠢᠨᠢ ᠬᠦᠨᠲᠦ ᠠᠮᠢᠰᠬᠤᠯ ᠪᠣᠯᠵᠠᠢ ᠃
ᠰᠢᠷᠡᠭᠡᠨ ᠳᠡᠭᠡᠷ᠎ᠡ ᠪᠢᠲᠡ
ᠰᠢᠷᠡᠭᠡ ᠪᠡᠨ ᠬᠠᠷᠠᠵᠤ ᠪᠣᠲᠣᠯ ᠪᠣᠲᠣᠯ ᠶ᠋ᠢᠠᠨ ᠵᠠᠵᠢᠯᠤᠨ᠎ᠠ
ᠰᠢᠲᠦ ᠨᠢ ᠣᠩᠭᠣᠷᠬᠠᠢ ᠨᠢᠯᠬ᠎ᠠ ᠳᠡᠭᠦᠦ ᠮᠢᠨᠢ
ᠠᠪᠤ ᠶ᠋ᠢ ᠨᠢᠭᠡ ᠬᠠᠷᠠᠵᠤ
ᠠᠪᠠᠬ᠋᠎ᠠ ᠶ᠋ᠢ ᠨᠢᠭᠡ ᠬᠠᠷᠠᠵᠤ
ᠠᠷᠭᠠᠲᠠᠬᠤ ᠨᠢᠲᠦ ᠪᠡᠷ ᠡᠵᠢ ᠶ᠋ᠢ ᠨᠢᠭᠡ ᠬᠠᠷᠠᠵᠤ
ᠠᠪᠢᠶᠠᠯᠠᠬᠤ ᠳ᠋ᠤ᠌ ᠬᠦᠴᠢᠷᠲᠡᠶ᠋ᠢᠬᠡᠨ ᠦᠰᠦᠭ ᠰᠢᠭ᠌
ᠨᠠᠮᠠᠶ᠋ᠢ ᠤᠲᠠᠲᠠᠯ᠎ᠠ ᠬᠠᠷᠠᠭᠠᠳ
ᠠᠶᠠᠬ᠋᠎ᠠ ᠪᠠᠨ ᠬᠣᠪᠲᠣᠭᠬᠠᠨ ᠡᠷᠭᠦᠬᠦ ᠶᠤᠮ ᠪᠢᠯᠡ !
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠲᠡᠭᠷᠢ ᠡᠵᠢ
ᠬᠢᠨᠠᠭ᠍ᠴᠢ ᠄ ᠴᠣᠯᠮᠣᠨᠲᠤᠶᠠᠭ᠎ᠠ ᠪᠠᠭ᠍ᠰᠢ
2023 ᠣᠨ ᠪ4 ᠰᠠᠷ᠎ᠠ ᠶ᠋ᠢᠨ 20
