ᠮᠢᠨᠦ ᠨᠤᠲᠤᠭ( ᠣᠷᠱᠤᠨ ᠭᠣᠣᠯ ) - ᠦᠭᠡ ᠄ ᠳ᠋ᠧ ᠂ ᠰᠣᠶᠣᠯ ᠂ ᠠᠶ᠎ᠠ ᠄ ᠡ · ᠪᠠᠲᠤᠪᠠᠶᠠᠷ Миний нутаг ( Оршин гол ) – Үг ᠄ Д ᠂ Соёл ᠂ Ая ᠄ Э · Батбаяр
ᠮᠢᠨᠦ ᠨᠤᠲᠤᠭ
ᠦᠭᠡ ᠄ ᠳ᠋ᠸ · ᠰᠣᠶᠣᠯ
ᠠᠶ᠎ᠠ ᠄ ᠡ · ᠪᠠᠲᠦᠪᠠᠶᠠᠷ
ᠵᠠᠭᠤᠨ ᠥᠩᠭᠡ ᠶ᠋ᠢᠨ ᠴᠡᠴᠡᠭ ᠦ᠋ᠳ
ᠵᠤᠯᠭᠠᠷᠠᠰᠢ ᠦᠭᠡᠢ ᠰᠣᠶᠣᠭᠠᠯᠠᠭᠰᠠᠨ
ᠵᠤᠵᠠᠭᠠᠨ ᠡᠯᠪᠡᠭ ᠠᠭᠤᠷᠬᠠᠢ ᠨᠤᠭᠤᠳ
ᠪᠠᠷᠠᠭᠲᠠᠰᠢ ᠦᠭᠡᠢ ᠤᠨᠲᠤᠷᠤᠭᠰᠠᠨ
ᠰᠦᠷ ᠵᠢᠪᠬᠤᠯᠠᠩᠲᠤ ᠮᠢᠨᠦ ᠨᠤᠲᠤᠭ ᠲᠦ
ᠰᠦᠨᠲᠡᠷᠯᠡᠵᠦ ᠪᠣᠰᠤᠭᠰᠠᠨ ᠶᠡᠬᠡ ᠳᠠᠪᠰᠢᠯᠲᠠ ᠂
ᠰᠦᠨ ᠳᠠᠯᠠᠢ ᠶ᠋ᠢ ᠳᠣᠯᠭᠢᠶᠠᠯᠭᠤᠯᠵᠤ
ᠰᠦᠮᠪᠦᠷ ᠠᠭᠤᠯᠠ ᠶ᠋ᠢ ᠳᠣᠩᠰᠤᠯᠭᠠᠪᠠ ᠃
ᠵᠣᠯᠪᠤᠭᠠᠲᠦ ᠮᠢᠨᠦ ᠲᠡᠷᠡ ᠨᠤᠲᠤᠭ
ᠵᠣᠯ ᠵᠢᠷᠭᠠᠯ ᠶ᠋ᠢᠠᠷ ᠪᠢᠯᠬᠠᠨ ᠪᠠᠶ᠋ᠢᠨ᠎ᠠ
ᠵᠣᠷᠢᠵᠤ ᠮᠥᠷᠦᠭᠡᠳᠦᠭᠰᠡᠨ ᠨᠡᠶ᠋ᠢᠭᠡᠮ ᠳ᠋ᠡᠭᠡᠨ
ᠵᠣᠷᠢᠬ ᠲᠡᠭᠦᠯᠲᠡᠷ ᠳᠠᠪᠰᠢᠵᠤ ᠪᠠᠶ᠋ᠢᠨ᠎ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 21 ᠪ ᠡᠲᠦᠷ

