ᠵᠠᠯᠠᠭᠤ ᠲᠠᠮᠢᠷᠴᠢᠨ( ᠬᠡᠯᠡ ᠪᠢᠴᠢᠭ – ᠶᠢᠰᠦᠳᠦᠭᠡᠷ ᠳᠡᠪᠲᠡᠷ)Залуу тамирчин( Хэл бичиг – Есдүгээр дэвтэр) ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠯᠠᠭᠤ ᠲᠠᠮᠢᠷᠴᠢᠨ( ᠬᠡᠯᠡ ᠪᠢᠴᠢᠭ – ᠶᠢᠰᠦᠳᠦᠭᠡᠷ ᠳᠡᠪᠲᠡᠷ)Залуу тамирчин( Хэл бичиг – Есдүгээр дэвтэр)

ᠵᠠᠯᠠᠭᠤ ᠲᠠᠮᠢᠷᠴᠢᠨ( ᠬᠡᠯᠡ ᠪᠢᠴᠢᠭ – ᠶᠢᠰᠦᠳᠦᠭᠡᠷ ᠳᠡᠪᠲᠡᠷ)Залуу тамирчин( Хэл бичиг – Есдүгээр дэвтэр)

2023-04-22

678

ᠵᠠᠯᠠᠭᠤ ᠲᠠᠮᠢᠷᠴᠢᠨ


 ᠵᠠᠯᠠᠭᠤ ᠲᠠᠮᠢᠷᠴᠢᠳ ᠪᠥᠬᠥᠰᠬᠢᠯ᠎ᠡ 
         ᠵᠠᠬ᠎ᠠ ᠶ᠋ᠢᠨ ᠣᠯᠠᠨ ᠥᠨᠲᠡᠰᠬᠢᠯ᠎ᠡ ᠃ 
 ᠲᠦᠭᠰᠢᠬᠦ ᠵᠢᠷᠦᠬᠡ ᠪᠡᠨ ᠲᠠᠷᠣᠰᠬᠢᠯ᠎ᠡ
         ᠲᠥᠭᠥᠷᠢᠭᠯᠡᠭᠰᠡᠨ ᠣᠯᠠᠨ ᠊ᠢ ᠰᠢᠷᠲᠡᠰᠬᠢᠯ᠎ᠡ ᠃
 ᠳᠣᠬᠢᠶᠠᠨ ᠪ ᠫᠤᠤ ᠳᠡᠰ ᠬᠢᠯ᠎ᠡ
         ᠳᠣᠷᠪᠢᠯᠢᠬ ᠲᠠᠮᠢᠷᠴᠢᠳ ᠲᠠᠪ ᠬᠢᠯ᠎ᠡ ᠃
 ᠬᠠᠨᠲᠠᠭᠠᠢ ᠪᠤᠭᠤ ᠰᠢᠭ᠋ ᠰᠣᠴᠢᠭᠠᠳ ᠭᠦᠶᠦᠯ᠎ᠡ ᠃
         ᠬᠠᠷᠪᠤᠭᠰᠠᠨ ᠰᠤᠮᠤ ᠰᠢᠭ᠋ ᠰᠤᠭᠤᠷᠠᠭᠠᠳ ᠭᠠᠷᠤᠯ᠎ᠠ ᠃
 ᠪᠤᠯᠴᠢᠩ ᠰᠢᠷᠪᠥᠰᠥ ᠨᠢ ᠡᠷᠴᠢᠯᠡᠵᠦ ᠪᠠᠶ᠋ᠢᠨ᠎ᠠ 
         ᠪᠣᠷᠪᠢ ᠥᠯᠮᠡᠢ ᠨᠢ ᠳᠡᠭᠳᠡᠯᠵᠡᠵᠦ ᠪᠠᠶ᠋ᠢᠨ᠎ᠠ ᠃
 ᠵᠢᠷᠤᠭᠠᠰᠤᠲᠤ ᠲᠠᠯᠠᠪᠠᠢ ᠵᠢᠷᠪᠢᠯᠵᠡᠵᠦ ᠪᠠᠶ᠋ᠢᠨ᠎ᠠ
         ᠵᠠᠭᠤᠨ ᠮᠧᠲ᠋ᠷ ᠊ᠢ ᠣᠶ᠋ᠢᠷᠠᠲᠤᠭᠤᠯᠵᠤ ᠪᠠᠶ᠋ᠢᠨ᠎ᠠ ᠃
 ᠳᠠᠷᠤᠭᠠᠳ ᠳᠠᠷᠤᠭᠠᠳ ᠴᠦ᠍  ᠭᠠᠷᠴᠠᠭᠠᠵᠤ ᠪᠠᠶ᠋ᠢᠨ᠎ᠠ
         ᠳᠠᠬᠢᠭᠠᠳ ᠳᠠᠬᠢᠭᠠᠳ ᠬᠦᠢᠴᠡᠭᠳᠡᠵᠡᠭᠡᠵᠦ ᠪᠠᠶ᠋ᠢᠨ᠎ᠠ ᠃
 ᠡᠷ᠎ᠡ ᠴᠢᠲᠠᠯ ᠶ᠋ᠢᠠᠨ ᠰᠢᠯᠭᠠᠯᠴᠠᠵᠤ ᠪᠠᠶ᠋ᠢᠨ᠎ᠠ
         ᠡᠷᠴᠢ ᠬᠦᠴᠦ ᠪᠡᠨ ᠰᠢᠪᠬᠠᠯᠴᠠᠵᠤ ᠪᠠᠶ᠋ᠢᠨ᠎ᠠ ᠃
 ᠬᠠᠷᠠᠵᠤ ᠪᠠᠶ᠋ᠢᠲᠠᠯ᠎ᠠ ᠨᠢᠭᠡ ᠵᠠᠯᠠᠭᠤ
         ᠬᠠᠮᠤᠭ ᠦ᠋ᠨ ᠲᠦᠷᠦᠭᠦᠨ ‍ᠳᠤ ᠬᠣᠰᠢᠭᠤᠷᠠᠭᠠᠳ ᠭᠠᠷᠤᠯ᠎ᠠ 
 ᠬᠠᠢ ᠳ᠋ᠠ! ᠪᠠᠰᠠ ᠴᠦ᠍ ᠪᠣᠯᠤᠭᠰᠠᠨ ᠦᠭᠡᠢ ᠳ᠋ᠠ
         ᠬᠣᠶ᠋ᠢᠨᠠᠬᠢ ᠨᠢᠭᠡ ᠳ᠋ᠡᠭᠡᠨ ᠭᠦᠢᠴᠡᠭᠳᠡᠴᠢᠭᠡᠯᠡ᠃
 ᠡᠮᠦᠨᠡᠭᠦᠷ ᠮᠠᠨᠢ ᠬᠦᠷᠦᠭᠡᠳ ᠢᠷᠡᠬᠦ ᠭᠡᠰᠡᠨ  ‍ᠳᠤ
         ᠥᠨᠲᠡᠯᠵᠡᠵᠦ ᠣᠪᠣᠯᠵᠠᠭᠠᠳ ᠠᠷᠬ᠋᠎ᠠ ᠮᠢᠨᠢ ᠠᠯᠲᠠᠷᠠᠯ᠎ᠠ ᠃
 ᠦᠨᠡᠬᠡᠷ ᠯᠠ ᠲᠡᠭᠡᠵᠦ ᠪᠣᠯᠲᠠᠭ ᠰᠠᠨ ᠪᠣᠯ
          ᠥᠪᠡᠷ ᠦ᠋ᠨ ᠭᠦᠴᠦ ᠪᠡᠨ ᠨᠡᠮᠡᠷᠢᠯᠡᠴᠢᠬᠡᠬᠦ ᠪᠠᠶ᠋ᠢᠯ᠎ᠠ ᠃
 ᠤᠯᠤᠰ ᠣᠯᠠᠨ ᠳᠦᠷᠭᠢᠭᠰᠡᠭᠡᠷ ᠯᠠ
          ᠤᠷᠠᠢ ᠠᠯᠠᠬ᠋᠎ᠠ ᠨᠢᠵᠢᠭᠢᠨᠡᠭᠰᠡᠭᠡᠷ ᠯᠠ
 ᠬᠣᠶᠠᠷ ᠵᠠᠯᠠᠭᠤ ᠳᠠᠷᠠᠭᠠᠯᠠᠭᠠᠳ ᠬᠦᠷᠦᠯ᠎ᠡ
          ᠬᠣᠶ᠋ᠢᠨ᠎ᠠ ᠠ᠋ᠴᠠ ᠪᠤᠰᠤᠳ ᠨᠢ ᠴᠦ᠍ ᠬᠠᠷᠪᠤᠭᠠᠳ ᠣᠴᠢᠯ᠎ᠠ ᠃ 
 ᠤᠯᠠᠭᠠᠨ ᠤᠲᠠᠰᠤ ᠵᠢᠷᠦᠪᠬᠢᠨ ᠲᠠᠯᠪᠢᠬᠲᠠᠯ᠎ᠠ
          ᠤᠷᠤᠯᠲᠤᠭᠰᠠᠨ ᠪᠡᠶ᠎ᠡ ᠲᠣᠭᠬᠢᠨ ᠵᠣᠭᠰᠣᠯ᠎ᠠ ᠃
 ᠣᠭᠲᠤᠭᠤᠯ ᠦ᠋ᠨ ᠬᠥᠮᠦᠰ ᠨᠢ ᠲᠣᠰᠤᠭᠠᠳ ᠠᠪᠤᠯ᠎ᠠ
          ᠤᠯᠠᠭᠠᠨ ᠳᠤᠭ ᠊ᠢ ᠠᠤᠠᠬᠤᠭᠤᠯᠤᠭᠠᠳ ᠲᠠᠯᠪᠢᠯ᠎ᠠ ᠃
 ᠳᠡᠳ᠋ · ᠲᠡᠷᠢᠭᠦᠨ ᠪ ᠬᠢᠨ ᠪᠤᠰᠤᠳ ᠲᠠᠢ ᠪᠠᠨ
          ᠲᠡᠷᠭᠡᠲᠡᠭᠦᠷ ᠨᠢ ᠪᠤᠴᠠᠭᠠᠳ ᠥᠩᠭᠡᠷᠡᠯ᠎ᠡ ᠃
 ᠬᠠᠩᠬᠠᠭᠠᠷ ᠥᠷᠭᠡᠨ ᠴᠡᠭᠡᠵᠢ ᠶ᠋ᠢ ᠨᠢ ᠬᠠᠷᠠᠬᠤ ‍ᠳᠤ
          ᠬᠠᠲᠠᠨ ᠲᠡᠮᠦᠷ ᠲᠦᠰᠢ ᠭᠡᠮᠡᠷ  ᠃
 ᠬᠠᠶᠠᠯᠠᠭᠠᠳ ᠠᠯᠬᠤᠬᠤ ᠭᠠᠷ ᠊ᠢ ᠨᠢ ᠦᠵᠡᠬᠦ ‍ᠳᠤ
          ᠬᠠᠲᠠᠭᠠᠮᠠᠯ ᠪᠣᠯᠣᠳ ᠮᠤᠨᠠ ᠭᠡᠮᠡᠷ ᠃ 
 ᠡᠷᠴᠢᠯᠡᠵᠦ ᠴᠢᠩᠭᠠᠷᠠᠭᠰᠠᠨ ᠪᠤᠯᠴᠢᠩ ᠦ᠋ᠳ ᠨᠢ
          ᠡᠨᠲᠡ ᠲᠡᠨᠲᠡ ᠪᠡᠨ ᠵᠠᠩᠬᠢᠷᠴᠦ ᠪᠠᠶ᠋ᠢᠨ᠎ᠠ ᠃
 ᠡᠷᠡᠯᠬᠡᠭ ᠭᠦᠴᠦ ᠵᠠᠯᠠᠭᠤ ᠶ᠋ᠢᠨ ᠭᠠᠯ
          ᠬᠦᠲᠡᠷ ᠪᠡᠶ᠎ᠡ ᠳ᠋ᠤᠨᠢ ᠳᠦᠷᠡᠯᠵᠡᠵᠦ ᠪᠠᠶ᠋ᠢᠨ᠎ᠠ  ᠃
 ᠰᠦᠷᠦᠭ ᠡᠴᠡ ᠡᠢᠯᠦᠭᠰᠡᠨ ※  ᠡᠮᠨᠢᠭ ᠴᠦ᠍ ᠭᠡᠰᠡᠨ
          ᠲᠡᠲᠡᠨ ᠪ ᠤᠷᠭᠠᠨ ᠠ᠋ᠴᠠ ᠮᠣᠯᠲᠤᠷᠠᠲᠠᠭ ᠦᠭᠡᠢ ᠪᠢᠵᠡ ᠃
 ᠰᠦᠷᠦᠭᠯᠡᠵᠦ ᠢᠷᠡᠭᠰᠡᠨ ᠲᠠᠶ᠋ᠢᠰᠤᠨ ᠴᠦ᠍  ᠭᠡᠰᠡᠨ
          ᠲᠡᠲᠡᠨ ᠪ ᠰᠡᠯᠡᠮ᠎ᠡ ᠡᠴᠡ ᠭᠠᠷᠲᠠᠭ ᠦᠭᠡᠢ ᠪᠢᠵᠡ ᠃ 
 ᠬᠠᠶ᠋ᠢᠯᠵᠤ ᠪᠤᠯᠭᠤᠭᠰᠠᠨ ᠲᠡᠮᠦᠷ ᠴᠦ᠍ ᠭᠡᠰᠡᠨ
          ᠲᠡᠲᠡᠨ ᠪ ᠠᠯᠤᠬᠠᠨ ‍ᠳᠤ ᠭᠤᠯᠢᠷ ᠪᠢᠵᠡ ᠃
 ᠬᠠᠲᠠᠭᠤᠷᠠᠵᠤ ᠠᠲᠠᠷᠰᠢᠬᠰᠠᠨ ᠬᠥᠷᠥᠰᠥ ᠴᠦ᠍ ᠭᠡᠰᠡᠨ
          ᠲᠡᠲᠡᠨ ᠪ ᠬᠦᠷᠵᠡ ‍ᠳᠤ ᠦᠨᠡᠰᠦ  ᠪᠢᠵᠡ ᠃
 ᠴᠢᠭᠢᠷᠠᠭ ᠪᠡᠶ᠎ᠡ ᠲᠡᠢ ᠬᠥᠮᠦᠨ ᠭᠡᠭᠴᠢ
           ᠡᠶ᠋ᠢᠮᠦ ᠯᠡ ᠢᠳᠡᠷᠬᠡᠭ ᠪᠠᠶ᠋ᠢᠲᠠᠭ ᠶᠤᠮ ᠃
 ᠴᠢᠷᠮᠠᠶ᠋ᠢᠯᠬ᠋᠎ᠠ ᠶᠡᠬᠡᠲᠡᠢ ᠪᠣᠯᠪᠠᠰᠤᠷᠠᠯ ᠭᠡᠭᠴᠢ
           ᠢᠩᠭᠢᠵᠦ ᠯᠡ ᠠᠴᠢ ᠪᠠᠨ ᠦᠵᠡᠭᠦᠯᠳᠡᠭ ᠶᠤᠮ ᠃
 ᠡᠬᠡ ᠣᠷᠣᠨ ᠶ᠋ᠢᠠᠨ ᠬᠠᠮᠠᠭᠠᠯᠠᠬᠤ  ‍ᠳᠤ
           ᠡᠶ᠋ᠢᠮᠦ ᠯᠡ ᠪᠡᠶ᠎ᠡ ᠬᠡᠷᠡᠭ ᠲᠡᠢ ᠶᠤᠮ ᠃
 ᠡᠪ ᠬᠠᠮᠲᠤ ᠶ᠋ᠢᠨ ᠤᠶ᠋ᠢᠯᠰ ᠲᠦ
           ᠡᠶ᠋ᠢᠮᠦ ᠯᠡ ᠪᠡᠶ᠎ᠡ ᠴᠢᠬᠤᠯᠠ ᠲᠠᠢ ᠶᠤᠮ ᠃ 

 ※  ᠡᠢᠯᠦᠭᠰᠡᠨ —  ᠳᠤᠲᠠᠭᠠᠭᠰᠠᠨ ᠃

 ᠢᠷᠡᠯᠲᠡ ᠄  
      ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ 
          ᠬᠡᠯᠡ ᠪᠢᠴᠢᠭ    ᠶᠢᠰᠦᠳᠦᠭᠡᠷ ᠲᠡᠪᠳᠡᠷ  ※ 
              ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
              ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
              ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ 
             1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ 
             1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ  ᠶ᠋ᠢᠨ ᠬᠡᠪᠯᠡᠯ ᠡᠴᠡ ᠰᠣᠩᠭᠣᠪᠠ ᠃

      ᠦᠰᠦᠭ ᠠᠮᠢᠯᠠᠭᠤᠯᠤᠬᠴᠢ  ᠄    ᠦᠵᠢᠶᠡᠳ᠂   ᠡᠷᠳᠡᠨᠢᠴᠡᠴᠡᠭ
        ᠬᠢᠨᠠᠬᠴᠢ ᠄  ᠣᠤᠠᠬᠠᠨᠰᠣ᠎ᠠ  ᠂  ᠲᠣ᠋ · ᠨᠠᠨᠲᠢᠨ
                              2023.3.5