ᠮᠠᠯᠴᠢᠨ- ᠽ · ᠴᠢᠮᠡᠳᠳᠣᠷᠵᠢ ᠂ ᠯ · ᠡᠷᠳᠡᠨᠢᠪᠠᠭᠠᠲᠤᠷМалчин-з · чимэддорж , л · эрдэнэбаатар
ᠮᠠᠯᠴᠢᠨ
ᠽ · ᠴᠢᠮᠡᠳᠳᠣᠷᠵᠢ
ᠯ · ᠡᠷᠳᠡᠨᠢᠪᠠᠭᠠᠲᠤᠷ
ᠨᠠᠷᠠᠨ ᠤ᠋ ᠳᠠᠯᠠᠯᠭ᠎ᠠ ᠲᠠᠢ ᠭᠠᠵᠠᠷ ᠳᠡᠭᠡᠷ᠎ᠡ
ᠬᠡᠳᠦᠨ ᠮᠠᠯ ᠢ᠋ᠶ᠋ᠠᠨ ᠯᠠ ᠭᠡᠵᠦ
ᠨᠠᠮᠤᠷ ᠤ᠋ᠨ ᠳᠤᠮᠳᠠ ᠰᠠᠷ᠎ᠠ ᠶ᠋ᠢᠨ
ᠠᠷᠪᠠᠨ ᠲᠠᠪᠤᠨ ᠤ᠋ ᠲᠩᠷᠢ ᠠᠵᠢᠭᠯᠠᠭᠰᠠᠨ
ᠴᠠᠭ ᠴᠠᠭ ᠤ᠋ᠨ ᠦᠶᠡᠷ ᠲᠦ᠍ ᠲᠥᠷᠬᠦ ᠪᠡᠨ
ᠠᠯᠳᠠᠵᠤ ᠡᠪᠳᠡᠷᠡᠭᠡ ᠦᠭᠡᠢ
ᠴᠠᠳᠢᠭ ᠲᠡᠦᠬᠡ ᠤᠯᠪᠠᠭᠠᠯᠠᠵᠤ ᠡᠪᠦᠭᠡᠳ ᠦ᠋ᠨ ᠢ᠋ᠶ᠋ᠡᠨ
ᠨᠤᠲᠤᠭ ᠲᠤ᠌ ᠡᠵᠡᠨ ᠰᠠᠭᠤᠭᠰᠠᠨ
ᠰᠢᠭᠰᠢᠭ ᠳᠠᠷᠤᠭᠰᠠᠨ ᠲᠣᠭᠣᠨᠣᠨ ᠳ᠋ᠤ᠌ ᠪᠠᠨ
ᠤᠲᠤᠭ᠎ᠠ ᠵᠡᠭᠦᠭᠰᠡᠨ ᠬᠠᠳᠠᠭ ᠲᠠᠢ
ᠰᠢᠷᠠᠮᠠᠯ ᠲᠣᠭᠣᠷᠢᠯᠭᠠ ᠳᠡᠭᠡᠷ᠎ᠡ ᠪᠡᠨ
ᠠᠵᠠ ᠶ᠋ᠢᠨ ᠳᠥᠷᠪᠡᠨ ᠪᠡᠷᠬᠡ ᠲᠡᠢ
ᠳᠠᠪᠬᠢᠭᠠᠳ ᠣᠴᠢᠬᠤ ᠳ᠋ᠤ᠌ ᠴᠣᠣᠵᠢ ᠦᠭᠡᠢ ᠠᠶ᠋ᠢᠯ —
ᠮᠠᠯᠴᠢᠨ ᠲᠠᠨ ᠤ᠋ ᠬᠢ
ᠳᠠᠶᠠᠩ ᠳ᠋ᠤ᠌ ᠭᠠᠭᠴᠠᠬᠠᠨ ᠴᠠᠭᠤᠷᠭ᠎ᠠ ᠦᠭᠡᠢ ᠰᠡᠳᠬᠢᠯ —
ᠮᠠᠯᠴᠢᠨ ᠲᠠᠨ ᠤ᠋ ᠬᠢ
ᠪᠣᠲᠣᠭᠣ ᠪᠠᠨ ᠭᠣᠯᠣᠭᠰᠠᠨ ᠢᠩᠭᠡ ᠪᠡᠨ ᠬᠦᠦᠰᠯᠡᠵᠦ
ᠬᠠᠮᠲᠤ ᠤᠬᠢᠯᠠᠨ
ᠪᠣᠷᠣᠭ᠎ᠠ ᠣᠷᠣᠬᠤ ᠦᠭᠡᠢ ᠪᠣᠯᠬᠣᠷ
ᠣᠪᠣᠭ᠎ᠠ ᠪᠠᠨ ᠲᠠᠶ᠋ᠢᠵᠤ ᠳᠠᠯᠠᠯᠤᠨ
ᠥᠩᠭᠡᠲᠦ ᠬᠣᠷᠸ᠋᠎ᠠ ᠳ᠋ᠤ᠌ ᠭᠣᠮᠣᠳᠠᠪᠠᠯ
ᠬᠤᠭᠤᠷ ᠢ᠋ᠶ᠋ᠠᠨ ᠲᠠᠲᠠᠵᠤ ᠲᠠᠶ᠋ᠢᠤᠠᠬᠤᠷᠠᠨᠠ
ᠥᠪᠡᠷ ᠢ᠋ᠶ᠋ᠡᠨ ᠥᠪᠡᠷ ᠲᠡᠢ ᠪᠡᠨ ᠶᠠᠷᠢᠵᠤ
ᠣᠷᠴᠢᠯᠠᠩ ᠤ᠋ᠨ ᠡᠭᠡᠳᠡᠷᠡᠭᠡ ᠶ᠋ᠢ ᠳᠡᠶ᠋ᠢᠯᠦᠨᠡ
ᠬᠤᠷᠤᠭᠤᠨ ᠳ᠋ᠤ᠌ ᠪᠠᠨ ᠪᠥᠭᠡᠵᠢ ᠂ ᠴᠢᠬᠢᠨ ᠳ᠋ᠦ᠍ ᠪᠡᠨ
ᠡᠭᠡᠮᠦᠭ ᠵᠡᠭᠦ ᠭᠡᠬᠦ ᠡᠴᠡ ᠪᠡᠨ
ᠬᠤᠷᠴᠠ ᠲᠦᠷᠭᠡᠨ ᠮᠣᠷᠢᠳ ᠢ᠋ᠶ᠋ᠠᠨ
ᠴᠣᠯ ᠮᠥᠩᠭᠥ ᠪᠡᠷ ᠬᠠᠵᠠᠭᠠᠷᠯᠠᠭᠰᠠᠨ
ᠮᠠᠲᠠᠯ ᠴᠢᠳᠠᠯ ᠠᠯᠪᠠᠨ ᠲᠤᠰᠢᠶᠠᠯ
ᠬᠥᠭᠡᠭᠡᠴᠡᠯᠳᠦᠬᠦ ᠶ᠋ᠢ
ᠪᠢᠴᠢᠨ ᠵᠢᠯ ᠦ᠋ᠨ ᠵᠤᠳ ᠠ᠋ᠴᠠ ᠴᠤ᠌
ᠳᠣᠣᠷ᠎ᠠ ᠳ᠋ᠤ᠌ ᠪᠣᠳᠣᠭᠰᠠᠨ
ᠠᠷᠠᠳ ᠤ᠋ᠨ ᠢ᠋ᠶ᠋ᠠᠨ ᠳᠠᠭᠤᠤ ᠪᠢᠯᠢᠭ ᠊ᠢ
ᠮᠣᠷᠢᠨ ᠳᠡᠯ ᠳᠡᠭᠡᠷ᠎ᠡ ᠲᠣᠭᠲᠠᠭᠠᠭᠰᠠᠨ
ᠠᠯᠲᠠᠨ ᠭᠣᠣ ᠲᠠᠢ ᠵᠢᠷᠤᠭ ᠲᠤ᠌ ᠨᠢ
ᠭᠠᠯ ᠤ᠋ᠨ ᠬᠦᠷᠡᠩ ᠢᠨᠴᠠᠭᠠᠭᠰᠠᠨ
ᠰᠤᠷ ᠬᠠᠷ᠎ᠠ ᠡᠯᠳᠡᠬᠦ ᠳ᠋ᠦ᠍ ᠪᠡᠨ
ᠪᠣᠳᠣᠯ ᠢ᠋ᠶ᠋ᠠᠨ ᠴᠣᠭ ᠡᠯᠳᠡᠳᠡᠭ
ᠰᠤᠷᠭᠠᠭᠤᠯᠢ ᠳ᠋ᠤ᠌ ᠦᠵᠡᠭᠰᠡᠨ ᠢ᠋ᠶ᠋ᠡᠨ ᠮᠠᠷᠲᠠᠭᠰᠠᠨ ᠴᠤ᠌
ᠡᠪᠦᠭᠡᠳ ᠦ᠋ᠨ ᠦᠭᠡ ᠶ᠋ᠢ ᠮᠠᠷᠲᠠᠭ᠎ᠠ ᠦᠭᠡᠢ
ᠬᠣᠨᠢ ᠮᠠᠯ ᠳᠡᠯᠡᠩᠳᠡᠵᠦ ᠬᠣᠷᠸ᠋᠎ᠠ ᠶ᠋ᠢ ᠪᠠᠷᠠᠬᠤ ᠨᠢ
ᠭᠡᠵᠦ ᠭᠤᠳᠤᠷᠠᠳᠠᠭ ᠦᠭᠡᠢ
ᠬᠣᠪᠣᠷ ᠪᠠᠷᠠᠭ᠎ᠠ ᠳᠠᠭᠠᠭᠤᠯᠤᠭᠰᠠᠨ
ᠪᠠᠶᠠᠷ ᠤ᠋ᠨ ᠪᠢᠴᠢᠭ ᠲᠦ᠍ ᠬᠥᠭᠡᠷᠳᠡᠭ ᠦᠭᠡᠢ
ᠣᠭᠲᠣ ᠪᠣᠯᠬᠤ ᠦᠭᠡᠢ ᠶᠠᠭᠤᠮ᠎ᠠ ᠶ᠋ᠢ ᠴᠦ᠍
ᠪᠣᠯᠵᠤ ᠯᠠ ᠪᠠᠶ᠋ᠢᠨ᠎ᠠ ᠭᠡᠵᠦ ᠪᠣᠳᠣᠳᠠᠭ
ᠣᠷᠣᠢ ᠶ᠋ᠢᠨ ᠳᠡᠭᠡᠳᠦ ᠲᠥᠷᠥ ᠶ᠋ᠢᠨ ᠢ᠋ᠶ᠋ᠡᠨ
ᠰᠦᠷ ᠰᠦᠯᠳᠡ ᠳ᠋ᠦ᠍ ᠨᠢ ᠵᠠᠯᠪᠠᠷᠢᠳᠠᠭ
ᠮᠠᠯᠠᠭᠠᠢ ᠶ᠋ᠢᠨ ᠤᠲᠤᠭ᠎ᠠ ᠰᠡᠷᠭᠦᠭᠡᠵᠦ
ᠨᠡᠷᠡᠮᠡᠯ ᠳ᠋ᠦ᠍ ᠵᠢᠭᠠᠬᠠᠨ ᠬᠠᠯᠠᠬᠤ ᠪᠠᠷ ᠢ᠋ᠶ᠋ᠠᠨ
ᠮᠠᠯ ᠢ᠋ᠶ᠋ᠠᠨ ᠶᠠᠭᠠᠬᠢᠵᠤ ᠮᠠᠯᠯᠠᠬᠤ ᠪᠠᠨ
ᠮᠠᠷᠺᠰᠢᠰᠮ ᠢ᠋ᠶ᠋ᠠᠷ ᠵᠢᠭᠠᠯᠭᠠᠬᠤ ᠦᠭᠡᠢ ᠭᠡᠳ ᠬᠡᠯᠡᠴᠢᠬᠡᠳᠡᠭ
ᠡᠴᠢᠭᠡ ᠳ᠋ᠦ᠍ ᠪᠡᠨ ᠴᠢᠳᠥᠷ ᠦ᠋ᠨ ᠮᠣᠷᠢ ᠶ᠋ᠢ ᠳᠥᠬᠥᠭᠦᠯᠵᠦ
ᠲᠤᠰᠠ ᠤᠷᠤᠭᠰᠠ
ᠡᠬᠡ ᠡᠴᠡ ᠲᠥᠷᠥᠬᠦ ᠶ᠋ᠢᠨ ᠮᠠᠯᠴᠢᠨ
ᠠᠮᠢᠳᠤᠷᠠᠯ ᠤ᠋ᠨ ᠬᠠᠷ᠎ᠠ ᠤᠬᠠᠭᠠᠨ
ᠬᠡᠰᠢᠭ ᠡᠳᠦᠷ ᠲᠠᠭᠠᠷᠠᠭᠤᠯᠵᠤ
ᠬᠣᠨᠢᠨ ᠤ᠋ ᠪᠡᠯᠴᠢᠭᠡᠷ ᠲᠦ᠍ ᠠᠭᠤᠯᠵᠠᠵᠤ
ᠭᠬᠡᠪ ᠬᠠᠳᠠᠭ ᠰᠢᠭ᠋ ᠲᠩᠷᠢ ᠳᠣᠣᠷ᠎ᠠ
ᠳᠥᠷᠥᠭᠡ ᠭᠥᠯᠢᠮ ᠬᠠᠷᠰᠢᠭᠤᠯᠵᠤ
ᠡᠵᠢ ᠠᠪᠤ ᠶ᠋ᠢᠨ ᠮᠢᠨᠢ ᠨᠤᠲᠤᠭ ᠭᠡᠵᠦ
ᠨᠢᠭᠡ ᠪᠠᠶᠠᠷᠯᠠᠬᠤ
ᠢᠪᠡᠭᠡᠯ ᠵᠢᠯ ᠲᠡᠢ ᠶᠦ᠍ᠮ ᠠ᠋
ᠪᠢᠳᠡ ᠬᠣᠶᠠᠷ ᠭᠡᠵᠦ ᠨᠢᠭᠡ ᠤᠶᠠᠷᠠᠵᠤ
ᠭᠠᠷᠪᠠᠯ ᠤᠨᠠᠭᠠᠨ ᠮᠣᠷᠢᠨ ᠤ᠋ ᠪᠠᠨ
ᠵᠢᠯᠣᠭᠣ ᠶ᠋ᠢ ᠰᠤᠯᠠ ᠣᠷᠬᠢᠵᠤ
ᠭᠠᠨᠵᠤᠭ᠎ᠠ ᠰᠢᠷᠢᠯᠳᠦᠲᠡᠯᠡ ᠲᠡᠪᠡᠷᠢᠯᠳᠦᠨ
ᠡᠮᠡᠭᠡᠯ ᠳᠡᠭᠡᠷ᠎ᠡ ᠲᠦᠰᠢᠯᠴᠡᠭᠰᠡᠨ ᠬᠠᠶ᠋ᠢᠷ᠎ᠠ
ᠨᠤᠲᠤᠭ ᠤ᠋ᠨ ᠢ᠋ᠶ᠋ᠠᠨ ᠴᠢᠯᠠᠭᠤ ᠪᠠᠷ ᠲᠣᠭᠯᠠᠵᠤ
ᠥᠰᠦᠭᠰᠡᠨ ᠡᠭᠡᠯ ᠵᠠᠶᠠᠭᠠᠨ ᠳ᠋ᠤ᠌ ᠢᠲᠡᠭᠡᠵᠦ
ᠨᠤᠲᠤᠭ ᠤ᠋ᠨ ᠢ᠋ᠶ᠋ᠠᠨ ᠴᠢᠯᠠᠭᠤ ᠪᠠᠷ ᠯᠠ
ᠲᠤᠯᠭᠠᠯᠠᠭᠰᠠᠨ ᠭᠠᠯ ᠪᠣᠯᠵᠤ ᠠᠰᠠᠭᠰᠠᠨ
ᠳᠦᠭᠦᠷᠡᠩ ᠬᠡᠰᠢᠭ ᠨᠢ ᠳᠡᠯᠭᠡᠷᠡᠭᠰᠡᠨ
ᠮᠠᠯ ᠢ᠋ᠶ᠋ᠠᠨ ᠨᠢᠭᠡ ᠪᠥᠭᠡᠴᠡᠶ᠋ᠢᠯᠡᠬᠦ
ᠳᠥᠷᠪᠡᠨ ᠬᠠᠨᠠᠨ ᠤ᠋ ᠳᠤᠮᠳᠠ
ᠪᠢᠳᠡᠨ ᠊ᠢ ᠪᠡᠨ ᠨᠢᠭᠡ ᠪᠥᠭᠡᠴᠡᠶ᠋ᠢᠯᠡᠬᠦ
ᠭᠠᠩᠭᠠᠩ ᠬᠡᠭᠡᠨᠴᠢᠷ ᠬᠣᠲᠠ ᠤᠷᠤᠭᠤ
ᠪᠦᠭᠦᠳᠡᠭᠡᠷ ᠢ᠋ᠶ᠋ᠡᠷ ᠢ᠋ᠶ᠋ᠡᠨ ᠨᠡᠭᠦᠴᠢᠬᠡᠪᠡᠯ
ᠭᠠᠯ ᠢ᠋ᠶ᠋ᠠᠨ ᠬᠡᠨ ᠨᠢ ᠮᠠᠨᠠᠬᠤ ᠪᠠᠶ᠋ᠢᠨ᠎ᠠ ᠳᠠ
ᠭᠡᠵᠦ ᠰᠠᠨᠠᠭ᠎ᠠ ᠵᠣᠪᠠᠬᠤ
ᠳᠡᠭᠡᠳᠦᠰ ᠦ᠋ᠨ ᠠᠯᠲᠠᠨ ᠬᠥᠷᠥᠭ
ᠬᠥᠮᠦᠨ ᠴᠢᠯᠠᠭᠤ
ᠳᠡᠷᠭᠡᠳᠡ ᠮᠢᠨᠢ ᠮᠠᠯ ᠤ᠋ᠨ
ᠪᠡᠯᠴᠢᠭᠡᠷ ᠲᠦ᠍ ᠪᠠᠶ᠋ᠢᠬᠤ ᠳ᠋ᠤ᠌
ᠡᠳᠡᠨ ᠊ᠢ ᠪᠡᠨ ᠣᠷᠬᠢᠭᠠᠳ ᠪᠢ
ᠬᠠᠮᠢᠭ᠎ᠠ ᠣᠴᠢᠬᠤ ᠶᠤᠮ ⁈
ᠡᠯᠦᠨᠴᠡᠭ ᠢ᠋ᠶ᠋ᠡᠨ ᠬᠢᠵᠦ
ᠲᠥᠪ ᠪᠠᠷᠠᠳᠠᠬᠤ ᠶᠤᠮ ᠭᠡᠵᠦ ᠠᠭᠤᠷᠯᠠᠬᠤ
ᠶᠡᠬᠡ ᠳᠡᠯ ᠲᠡᠢ ᠮᠣᠷᠢᠳ ᠮᠢᠨᠢ
ᠡᠮᠡᠭᠡᠯ ᠲᠡᠢ ᠪᠡᠨ ᠪᠠᠶ᠋ᠢᠬᠤ ᠳ᠋ᠤ᠌
ᠡᠵᠡᠨ ᠴᠢᠩᠭᠢᠰ ᠦ᠋ᠨ ᠭᠣᠯᠣᠮᠲᠠ
ᠳᠦᠷᠡᠯᠵᠡᠩᠭᠡᠨ ᠪᠠᠶ᠋ᠢᠬᠤ ᠳ᠋ᠤ᠌
ᠠᠭᠤᠯᠠᠰ ᠳᠡᠷᠡᠯᠡᠵᠦ ᠬᠣᠨᠢ ᠮᠠᠯ ᠨᠣᠣᠯᠠᠭᠰᠠᠨ
ᠪᠣᠷᠣ ᠭᠡᠷ ᠲᠦ᠍ ᠪᠠᠨ ᠯᠠ
ᠤᠲᠤᠭ᠎ᠠ ᠦᠨᠦᠷᠯᠡᠵᠦ ᠪᠠᠶ᠋ᠢᠭᠠᠳ
ᠨᠠᠯᠠᠶᠠ ᠳᠠ ᠭᠡᠵᠦ ᠤᠴᠢᠷᠯᠠᠬᠤ
ᠴᠠᠰᠤᠨ ᠰᠢᠭᠤᠷᠭ᠎ᠠ ᠶ᠋ᠢ ᠬᠠᠷᠠᠵᠤ
ᠠᠭᠤᠯᠠᠰ ᠲᠠᠢ ᠪᠠᠨ ᠬᠠᠮᠲᠤ ᠲᠠᠭᠠᠷᠠᠭᠰᠠᠨ
ᠴᠠᠭ ᠤ᠋ᠨ ᠰᠢᠭᠤᠷᠭ᠎ᠠ ᠰᠥᠷᠴᠦ
ᠤᠯᠤᠰ ᠲᠠᠢ ᠪᠠᠨ ᠬᠠᠮᠲᠤ ᠵᠦᠲᠡᠷᠡᠭᠰᠡᠨ
ᠴᠢᠯᠠᠭᠤ ᠢᠷᠯᠡᠨ ᠬᠤᠷᠳᠤᠯᠠᠬᠤ
ᠰᠠᠯᠬᠢᠨ ᠵᠡᠪᠡ ᠬᠦᠯᠦᠭ ᠢ᠋ᠶ᠋ᠡᠨ
ᠴᠤᠤᠲᠠᠢ ᠨᠠᠭᠠᠳᠤᠮ ᠤ᠋ᠨ ᠲᠩᠷᠢ ᠳᠣᠣᠷ᠎ᠠ
ᠨᠠᠷᠠ ᠵᠥᠪ ᠭᠠᠷᠭᠠᠭᠰᠠᠨ
ᠡᠴᠢᠭᠡ ᠮᠢᠨᠢ ᠮᠠᠯᠴᠢᠨ᠂ ᠡᠵᠢ ᠮᠢᠨᠢ ᠮᠠᠯᠴᠢᠨ
ᠢᠩᠭᠢᠬᠦ ᠳ᠋ᠦ᠍ ᠪᠢ ᠴᠢᠨᠢ
ᠬᠠᠮᠢᠭ᠎ᠠ ᠤᠨᠠᠭᠰᠠᠨ ᠂
ᠬᠡᠨ ᠦ᠌ ᠬᠢᠨ ᠪᠢᠯᠡ ⁈
ᠬᠠᠨ ᠣᠷᠴᠢᠯᠠᠩ ᠳ᠋ᠤ᠌ ᠵᠠᠷ ᠲᠠᠢ
ᠨᠢᠭᠤᠴᠠ ᠲᠣᠪᠴᠢᠶᠠᠨ ᠤ᠋ ᠮᠣᠷᠢᠳ ᠊ᠢ
ᠬᠠᠷ᠎ᠠ ᠲᠤᠭ ᠤ᠋ᠨ ᠳᠣᠣᠷ᠎ᠠ ᠰᠦᠷᠦᠭ ᠡᠴᠡ ᠪᠡᠨ
ᠪᠠᠷᠢᠵᠤ ᠡᠮᠡᠭᠡᠯᠯᠡᠭᠰᠡᠨ
ᠴᠢᠯᠠᠭᠤ ᠢᠷᠯᠡᠨ ᠬᠤᠷᠳᠤᠯᠠᠬᠤ
ᠰᠠᠯᠬᠢᠨ ᠵᠡᠪᠡ ᠬᠦᠯᠦᠭ ᠢ᠋ᠶ᠋ᠡᠨ
ᠴᠤᠤᠲᠠᠢ ᠨᠠᠭᠠᠳᠤᠮ ᠤ᠋ᠨ ᠲᠩᠷᠢ ᠳᠣᠣᠷ᠎ᠠ
ᠨᠠᠷᠠ ᠵᠥᠪ ᠭᠠᠷᠭᠠᠭᠰᠠᠨ
ᠠᠷᠢᠭᠤᠨ ᠪᠤᠶᠠᠨ ᠲᠠᠢ ᠮᠠᠯ ᠢ᠋ᠶ᠋ᠠᠨ
ᠪᠤᠷᠬᠠᠨ ᠠ᠋ᠴᠠ ᠪᠠᠨ ᠢᠯᠡᠭᠦᠦ ᠲᠠᠬᠢᠭᠰᠠᠨ
ᠠᠭᠤᠤ ᠶᠡᠬᠡ ᠪᠡᠷ ᠢ᠋ᠶ᠋ᠡᠨ
ᠬᠥᠭᠡᠷᠦᠯᠬᠡᠳᠡᠭ ᠦᠭᠡᠢ
ᠠᠭᠤᠤ ᠡᠬᠡ ᠤᠯᠤᠰ ᠠ᠋
ᠠᠯᠪᠠᠨ ᠤ᠋ ᠲᠠᠮᠠᠭ᠎ᠠ ᠲᠠᠢ ᠴᠠᠭᠠᠰᠤ ᠶ᠋ᠢ ᠣᠨᠢᠨ ᠳ᠋ᠤ᠌ ᠪᠠᠨ ᠬᠠᠪᠴᠢᠭᠤᠯᠵᠤ ᠮᠠᠷᠲᠠᠪᠠᠴᠤ
ᠠᠳᠤᠭᠤᠨ ᠤ᠋ ᠪᠠᠨ ᠲᠠᠮᠠᠭ᠎ᠠ ᠶ᠋ᠢ ᠪᠣᠯᠬᠣᠷ
ᠬᠠᠳᠠᠭ ᠲᠤ᠌ ᠣᠷᠢᠶᠠᠵᠤ ᠵᠠᠯᠠᠭᠰᠠᠨ
ᠴᠤᠤᠷᠠᠢ ᠬᠠᠳᠠᠨ ᠤ᠋ ᠰᠦᠭ ᠡᠴᠡ ᠴᠦ᠍
ᠪᠤᠭᠤᠷᠤᠯ ᠨᠠᠮᠲᠠᠷ ᠨᠢ ᠲᠠᠲᠠᠷᠠᠬᠤ ᠦᠭᠡᠢ ᠂
ᠴᠢᠯᠠᠭᠤᠨ ᠵᠡᠪᠰᠡᠭ ᠦ᠋ᠨ ᠦᠶ᠎ᠡ ᠡᠴᠡ
ᠬᠡᠳᠦᠬᠡᠨ ᠳᠡᠭᠦᠦ ᠮᠠᠯᠴᠢᠨ ᠠ᠋ ᠃
ᠦᠰᠦᠭ ᠠᠮᠢᠯᠠᠭᠤᠯᠤᠭᠴᠢ ᠄ ᠬᠠᠰᠴᠢᠮᠡᠭ
ᠬᠢᠨᠠᠭᠴᠢ ᠪᠠᠭᠰᠢ ᠄ ᠠᠯᠲᠠᠨ ᠠᠭᠤᠯᠠ ᠂ ᠣᠤᠠᠬᠠᠨᠰᠸ᠋ᠠ
