ᠮᠣᠩᠭᠣᠯ ᠨᠤᠲᠤᠭ ᠮᠢᠨᠦ ᠥᠯᠥᠭᠡᠢ- ᠳ᠋ᠡᠳᠡᠮ᠎ᠠМонгол нутаг миний өлгий-татам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠨᠤᠲᠤᠭ ᠮᠢᠨᠦ ᠥᠯᠥᠭᠡᠢ- ᠳ᠋ᠡᠳᠡᠮ᠎ᠠМонгол нутаг миний өлгий-татам

ᠮᠣᠩᠭᠣᠯ ᠨᠤᠲᠤᠭ ᠮᠢᠨᠦ ᠥᠯᠥᠭᠡᠢ- ᠳ᠋ᠡᠳᠡᠮ᠎ᠠМонгол нутаг миний өлгий-татам

ᠠᠩᠭᠢᠯᠠᠯ:ᠳᠠᠭᠤᠤ ᠬᠥᠭᠵᠢᠮ
2023-04-22

318

ᠮᠣᠩᠭᠣᠯ ᠨᠤᠲᠤᠭ ᠮᠢᠨᠦ ᠥᠯᠥᠭᠡᠢ

   ᠳᠠᠭᠤᠴᠢᠨ ᠄ ᠳ᠋ᠡᠳᠡᠮ᠎ᠠ
   
ᠰᠢᠯᠦᠭ ᠄ ᠰᠠᠷᠠᠭᠤᠯᠰᠠᠢᠬᠠᠨ
   
ᠠᠶ᠎ᠠ ᠄ ᠭᠧᠩ ᠫᠧᠩ ᠪᠢᠶᠣᠤ

ᠨᠠᠷᠠ ᠲᠠᠢ ᠬᠣᠷᠸ᠎ᠠ ᠶ᠋ᠢᠨ ᠲᠠᠯ᠎ᠠ ᠨᠢ ᠴᠡᠯᠡᠢᠭᠡᠳ
ᠨᠠᠷᠠᠯᠠᠭ ᠲᠡᠭᠷᠢ ᠶ᠋ᠢᠨ ᠨᠠᠷᠠ ᠨᠢ ᠭᠡᠷᠡᠯᠲᠦᠭᠰᠡᠨ
ᠨᠠᠴᠢᠨ ᠱᠣᠩᠬᠣᠷ ᠨᠢ ᠬᠠᠯᠢᠨ ᠨᠢᠰᠦᠭᠡᠳ
ᠨᠠᠮᠢᠷᠠᠭ᠎ᠠ ᠡᠭᠦᠯᠡᠰ ᠨᠢ ᠣᠭᠲᠠᠷᠭᠤᠢ ᠳ᠋ᠤ᠌ ᠨᠡᠭᠦᠳᠡᠯᠯᠡᠨ᠎ᠡ
ᠠ ᠬᠠ ᠬᠥ ᠂ ᠠ ᠬᠠ ᠬᠥ
ᠮᠣᠩᠭᠣᠯ ᠨᠤᠲᠤᠭ ᠮᠢᠨᠢ ᠮᠢᠨᠦ ᠥᠯᠥᠭᠡᠢ

ᠠᠲᠠᠷ ᠲᠠᠯ᠎ᠠ ᠶ᠋ᠢᠨ ᠥᠩᠭᠡ ᠨᠢ ᠲᠤᠨᠤᠷᠠᠭᠠᠳ
ᠠᠷᠭᠠᠯ ᠤ᠋ᠨ ᠤᠲᠤᠭ᠎ᠠ ᠨᠢ ᠦᠨᠦᠷ ᠠᠩᠬᠢᠯᠤᠭᠰᠠᠨ
ᠠᠷᠭᠤᠮᠠᠭ ᠬᠦᠯᠦᠭ ᠦ᠋ᠳ ᠦ᠋ᠨ ᠲᠣᠭᠣᠰᠣ ᠨᠢ ᠪᠣᠰᠤᠭᠠᠳ
ᠠᠢᠷᠠᠭ ᠤ᠋ᠨ ᠦᠨᠦᠷ ᠲᠡᠢ ᠤᠷᠲᠤ ᠶ᠋ᠢᠨ ᠳᠠᠭᠤᠤ ᠰᠣᠨᠣᠰᠳᠠᠨ᠎ᠠ
ᠠ ᠬᠠ ᠬᠥ ᠂ ᠠ ᠬᠠ ᠬᠥ
ᠮᠣᠩᠭᠣᠯ ᠨᠤᠲᠤᠭ ᠮᠢᠨᠢ ᠮᠢᠨᠦ ᠥᠯᠥᠭᠡᠢ

ᠰᠥᠨᠢ ᠶ᠋ᠢᠨ ᠰᠠᠯᠬᠢ ᠨᠢ ᠲᠠᠯ᠎ᠠ ᠪᠠᠨ ᠢᠯᠪᠢᠭᠡᠳ
ᠥᠨᠳᠥᠷ ᠲᠡᠭᠷᠢ ᠡᠴᠡ ᠰᠠᠷᠠᠨ ᠨᠢ ᠮᠦᠰᠢᠶᠡᠨ᠎ᠡ
ᠣᠳᠣᠳ ᠤ᠋ᠨ ᠭᠢᠯᠪᠠᠭᠠᠨ ᠣᠭᠲᠠᠷᠭᠤᠢ ᠶ᠋ᠢ ᠴᠢᠮᠡᠭᠯᠡᠭᠡᠳ
ᠣᠷᠣᠢ ᠦᠳᠡᠰᠢ ᠶ᠋ᠢᠨ ᠴᠠᠭ ᠵᠡᠭᠦᠳᠦ ᠶ᠋ᠢ ᠪᠦᠪᠡᠢᠯᠡᠨ᠎ᠡ
ᠠ ᠬᠠ ᠬᠥ ᠂ ᠠ ᠬᠠ ᠬᠥ
ᠮᠣᠩᠭᠣᠯ ᠨᠤᠲᠤᠭ ᠮᠢᠨᠢ ᠮᠢᠨᠦ ᠥᠯᠥᠭᠡᠢ