ᠮᠠᠯᠴᠢᠳ ᠤᠨ ᠰᠥᠷᠦᠭ ( ᠣᠷᠱᠤᠨ ᠭᠣᠣᠯ ) – ᠦᠭᠡ ᠄ ᠠ · ᠭᠣᠮᠪᠣ ᠂ ᠠᠶ᠎ᠠ ᠄ ᠡ · ᠪᠠᠲᠦᠪᠠᠶᠠᠷ Малчдын сүрэг ( Оршин гол ) – Үг ᠄ А · Гомбо ᠂ Ая ᠄ Э · Батбаяр
ᠮᠠᠯᠴᠢᠳ ᠤᠨ ᠰᠥᠷᠦᠭ
ᠦᠭᠡ ᠄ ᠠ · ᠭᠣᠮᠪᠣ
ᠠᠶ᠎ᠠ ᠄ ᠡ · ᠪᠠᠲᠦᠪᠠᠶᠠᠷ
ᠰᠡᠷᠭᠦᠯᠡᠩ ᠵᠠᠩ ᠲᠠᠢ ᠪᠢᠲᠡ ᠬᠣᠶᠠᠷ
ᠰᠡᠤᠠᠬᠢᠯ ᠵᠢᠷᠦᠬᠡᠨ ᠪ ᠤᠭ ᠠ᠋ᠴᠠ ᠪᠠᠨ
ᠰᠢᠨ᠎ᠡ ᠥᠯᠥᠭᠡᠢ ᠬᠥᠲᠡᠭᠡ ᠨᠤᠲᠤᠭ ᠶ᠋ᠢᠠᠨ
ᠰᠢᠯᠥᠭᠯᠡᠨ ᠮᠠᠭᠲᠠᠵᠤ ᠳᠠᠭᠤᠯᠠᠵᠠᠭᠠᠶ᠎ᠠ ᠃
ᠲᠠᠯ᠎ᠠ ᠶ᠋ᠢᠨ ᠰᠡᠷᠮᠡᠭᠦᠨ ᠪᠡᠯᠴᠢᠭᠡᠷ ᠳᠡᠭᠡᠷ᠎ᠡ
ᠲᠠᠷᠭᠤ ᠰᠠᠶ᠋ᠢᠲᠠᠢ ᠮᠠᠯ ᠦ᠋ᠳ ᠪᠠᠶ᠋ᠢᠨ᠎ᠠ ᠂
ᠲᠠᠶ᠋ᠢᠪᠤᠩ ᠴᠢᠯᠥᠭᠡᠲᠦ ᠮᠠᠯᠴᠢᠳ ᠦ᠋ᠨ
ᠳᠠᠶ᠋ᠢᠴᠢᠨ ᠵᠣᠷᠢᠬ ᠨᠢ ᠪᠠᠲᠠᠷᠠᠵᠤ ᠪᠠᠶ᠋ᠢᠨ᠎ᠠ ᠃
ᠥᠰᠴᠦ ᠨᠡᠮᠡᠭᠳᠡᠭᠰᠡᠨ ᠮᠠᠯ ᠦ᠋ᠳ ᠨᠢ
ᠥᠨᠲᠥᠷ ᠲᠠᠷᠭᠤ ᠲᠠᠢ ᠰᠦᠷᠦᠭ ᠪᠣᠯᠵᠤ ᠂
ᠦᠨᠡᠯᠡᠵᠦ ᠰᠠᠶ᠋ᠢᠰᠢᠶᠠᠭᠲᠠᠭᠰᠠᠨ ᠮᠠᠯᠴᠢᠳ ᠦ᠋ᠨ
ᠦᠷ᠎ᠡ ᠪᠦᠲᠦᠭᠡᠯ ᠨᠢ ᠭᠢᠯᠠᠯᠵᠠᠵᠤ ᠪᠠᠶ᠋ᠢᠨ᠎ᠠ ᠃
ᠠᠷᠢᠭᠤᠨ ᠬᠥᠲᠡᠯᠮᠦᠷᠢ ᠶ᠋ᠢᠨ ᠪᠦᠲᠦᠭᠡᠯ ᠶ᠋ᠢᠡᠷ
ᠠᠷᠠᠳ ᠦ᠋ᠨ ᠠᠮᠢᠲᠤᠷᠠᠯ ᠳᠡᠭᠡᠭᠰᠢᠯᠡᠭᠡᠳ ᠂
ᠠᠵᠢᠯᠴᠢ ᠬᠥᠲᠡᠯᠮᠦᠷᠢᠴᠢ ᠮᠠᠯᠴᠢᠳ ᠦ᠋ᠨ
ᠠᠰᠢᠲᠠ ᠶ᠋ᠢᠨ ᠵᠢᠷᠭᠠᠯ ᠨᠢ ᠴᠡᠴᠡᠭᠯᠡᠨ᠎ᠡ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 20 ᠪ ᠡᠲᠦᠷ
