ᠥᠳᠥᠨ ᠴᠠᠭᠠᠨ ᠦᠯᠢᠭᠡᠷ - ᠲ ᠂ ᠭᠣᠮᠪᠣᠵᠠᠪ Өдөн цагаан үлгэр - Т᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠳᠥᠨ ᠴᠠᠭᠠᠨ ᠦᠯᠢᠭᠡᠷ - ᠲ ᠂ ᠭᠣᠮᠪᠣᠵᠠᠪ Өдөн цагаан үлгэр - Т᠂ Гомбожав

ᠥᠳᠥᠨ ᠴᠠᠭᠠᠨ ᠦᠯᠢᠭᠡᠷ - ᠲ ᠂ ᠭᠣᠮᠪᠣᠵᠠᠪ Өдөн цагаан үлгэр - Т᠂ Гомбожав

2023-04-22

276

ᠥᠳᠥᠨ ᠴᠠᠭᠠᠨ ᠦᠯᠢᠭᠡᠷ

          
                ᠲ᠂  ᠭᠣᠮᠪᠣᠵᠠᠪ

         ᠴᠠᠰᠤ ᠴᠠᠭᠠᠨ ᠦᠯᠢᠭᠡᠷ 

 ᠴᠠᠰᠤ ᠤᠨᠠᠨ᠎ᠠ 
 ᠴᠠᠭᠠᠰᠤ ᠠᠲᠠᠯᠢ ᠪᠣᠲᠣᠯ ᠳᠡᠭᠡᠷ᠎ᠡ ᠮᠢᠨᠢ ᠰᠢᠯᠦᠭ ᠤᠨᠠᠨ᠎ᠠ ᠡ 

 ᠡᠪᠦᠯ ᠦ᠋ᠨ ᠬᠦᠢᠲᠡᠨ ᠲᠩᠷᠢ
 ᠨᠤᠲᠤᠭ ᠰᠠᠨᠠᠭᠤᠯᠲᠠᠭ ᠪᠠᠶ᠋ᠢᠵᠢ ᠰᠢᠦ
 ᠥᠪᠡᠷ ᠦ᠋ᠨ ᠭᠡᠳᠡᠭ ᠶᠠᠭᠤᠮ᠎ᠠ
 ᠬᠠᠰᠢᠯᠠ ᠣᠨᠴᠣᠭᠣᠢ ᠪᠠᠶ᠋ᠢᠵᠠᠢ ᠡ

 ᠥᠴᠥᠭᠡᠲᠦᠷ ᠲᠡᠷᠭᠡᠨ ᠳ᠋ᠤ᠌ ᠰᠠᠭᠤᠵᠤ 
 ᠦᠢᠯᠡᠤᠠᠪᠦᠷᠢ ᠤᠷᠤᠭᠤ ᠬᠦᠷᠭᠡᠭᠳᠡᠭᠰᠡᠨ
     ᠮᠠᠯᠴᠢᠨ ᠬᠥᠮᠦᠨ ᠪ ᠦᠷ᠎ᠡ — ᠰᠦ᠋ ᠂ ᠨᠣᠣᠰᠣ ᠬᠣᠶᠠᠷ
 ᠥᠷᠯᠥᠭᠡ ᠰᠠᠯᠬᠢᠨ  ᠳ᠋ᠤ᠌ ᠬᠡᠶ᠋ᠢᠰᠴᠦ
 ᠥᠷᠥᠭᠡᠯ ᠨᠤᠲᠤᠭ ᠲᠤ ᠤᠨᠠᠭᠰᠠᠨ
      ᠮᠣᠩᠭᠣᠯ ᠣᠷᠣᠨ ᠪ ᠬᠡᠦᠬᠡᠳ — ᠬᠤᠨ ᠂ ᠲᠤᠭᠤᠷᠤᠤ ᠨᠤᠭᠤᠳ
 ᠥᠨᠥ ᠦᠲᠡᠰᠢ
 ᠡᠪᠦᠯ ᠦ᠋ᠨ ᠡᠨᠡᠬᠦ ᠢᠮᠡᠬᠦᠨ ᠰᠥᠨᠢ
 ᠥᠯᠥᠭᠡᠢ ᠨᠤᠲᠤᠭ ᠶ᠋ᠢᠠᠨ ᠵᠡᠭᠦᠲᠦᠯᠡᠴᠢᠬᠡᠵᠡᠢ ᠬᠥᠭᠡᠷᠦᠬᠦᠢ

 ᠥᠨᠥᠬᠢ ᠵᠡᠭᠦᠲᠦ ᠨᠢ ᠂ ᠦᠷ᠎ᠡ ᠶ᠋ᠢᠨ ᠬᠣᠩᠭᠣᠷᠬᠠᠨ ᠰᠡᠤᠠᠬᠢᠯ
 ᠤᠨᠠᠭᠰᠠᠨ ᠴᠡᠴᠡᠭ ᠦ᠋ᠨ ᠨᠠᠪᠴᠢᠨ ᠳᠡᠭᠡᠷ᠎ᠡ
 ᠤᠩᠭᠠᠷᠢᠯ ᠬᠤᠴᠢᠵᠤ
 ᠤᠷᠭᠤᠭᠰᠠᠨ ᠥᠨᠲᠥᠷ ᠠᠭᠤᠯᠠ ᠶ᠋ᠢᠨ ᠳᠡᠭᠡᠷ᠎ᠡ ᠰᠢᠨᠧᠯ ᠨᠥᠮᠥᠷᠭᠡᠵᠦ
 ᠤᠨᠲᠠᠭᠰᠠᠨ ᠲᠠᠯ᠎ᠠ
 ᠤᠭᠤᠷᠠᠭ ᠶ᠋ᠢᠠᠨ ᠰᠢᠮᠡᠭᠦᠯᠦᠭᠰᠡᠨ ᠡᠵᠢ ᠶ᠋ᠢᠨ ᠶ᠋ᠢᠡᠨ ᠡᠪᠦᠷ ᠲᠦ ᠪᠣᠲᠣᠯ ᠵᠤᠵᠠᠭᠠᠯᠠᠵᠤ
      ᠨᠤᠲᠤᠭ ᠳᠠᠭᠠᠨ ᠢᠷᠡᠯ᠎ᠡ
      ᠨᠤᠲᠤᠭ ᠲᠠᠭᠠᠨ ᠢᠷᠡᠯ᠎ᠡ ᠡ
 ᠠᠬ᠎ᠠ ᠶ᠋ᠢᠨ ᠶ᠋ᠢᠡᠨ ᠰᠡᠤᠠᠬᠢᠯ ᠊ᠢ ᠨᠣᠬᠠᠢ ᠬᠥᠲᠥᠯᠦᠭᠦᠯᠦᠨ
 ᠠᠭᠤᠯᠠ ᠥᠭᠡᠲᠡ ᠭᠦᠶᠦᠯᠭᠡᠵᠦ
 ᠠᠪᠤ ᠶ᠋ᠢᠨ ᠶ᠋ᠢᠡᠨ ᠪᠣᠲᠣᠯ ᠊ᠢ ᠵᠠᠭᠤᠨ ᠳᠠᠷᠤᠭᠤᠯᠤᠨ
 ᠲᠠᠯ᠎ᠠ ᠤᠷᠤᠭᠤ ᠵᠠᠲᠠᠷᠠᠭᠤᠯᠵᠤ
 ᠠᠩᠬ᠋᠎ᠠ ᠳᠡᠭᠦᠦ ᠨᠡᠷ ᠶ᠋ᠢᠡᠨ
 ᠨᠠᠷᠠ ᠂ ᠬᠠᠪᠤᠷ ᠂  ᠴᠡᠴᠡᠭ ᠵᠡᠭᠦᠲᠦᠯᠡᠭᠦᠯᠦᠨ
    ᠥᠯᠥᠭᠡᠢ ᠳ᠋ᠡᠭᠡᠨ ᠪᠤᠴᠠᠬᠤ ᠦᠷ᠎ᠡ ᠶ᠋ᠢᠨ ᠰᠡᠤᠠᠬᠢᠯ

 ᠴᠠᠰᠤ ᠤᠨᠠᠨ᠎ᠠ
 ᠴᠠᠪ ᠴᠠᠭᠠᠬᠠᠨ ᠦᠯᠢᠭᠡᠷ
 ᠴᠠᠭᠠᠰᠤ ᠠᠲᠠᠯᠢ ᠪᠣᠲᠣᠯ ᠳᠡᠭᠡᠷ᠎ᠡ ᠮᠢᠨᠢ ᠰᠢᠯᠦᠭ ᠤᠨᠠᠨ᠎ᠠ ᠡ

              1986.1

    ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃
       
     ᠦᠰᠦᠭ ᠠᠮᠢᠯᠠᠭᠤᠯᠤᠭᠰᠠᠨ ᠨᠢ ᠄ ᠳᠠᠪᠰᠢᠯᠲᠦ
        ᠬᠢᠨᠠᠭ᠍ᠴᠢ ᠄   ᠴᠣᠯᠮᠣᠬ᠍ᠲᠤᠶᠠᠭ᠎ᠠ  ᠪᠠᠭ᠍ᠰᠢ
                     2023 ᠣᠨ ᠪ4 ᠰᠠᠷ᠎ᠠ ᠶ᠋ᠢᠨ 20