ᠠᠲᠤᠭᠤᠴᠢᠨ( ᠣᠷᠱᠤᠨ ᠭᠣᠣᠯ ) – ᠦᠭᠡ ᠄ ᠦ‍ ᠂ ᠮᠠᠵᠢᠬᠵᠠᠪ ᠂ ᠠᠶ᠎ᠠ ᠄ ᠡ‍ ᠂ ᠪᠠᠲᠦᠪᠠᠶᠠᠷ Адуучин ( Оршин гол )– Үг ᠄ Ө ᠂ Мажигжав ᠂ Ая ᠄ Э ᠂ Батбаяр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠲᠤᠭᠤᠴᠢᠨ( ᠣᠷᠱᠤᠨ ᠭᠣᠣᠯ ) – ᠦᠭᠡ ᠄ ᠦ‍ ᠂ ᠮᠠᠵᠢᠬᠵᠠᠪ ᠂ ᠠᠶ᠎ᠠ ᠄ ᠡ‍ ᠂ ᠪᠠᠲᠦᠪᠠᠶᠠᠷ Адуучин ( Оршин гол )– Үг ᠄ Ө ᠂ Мажигжав ᠂ Ая ᠄ Э ᠂ Батбаяр

ᠠᠲᠤᠭᠤᠴᠢᠨ( ᠣᠷᠱᠤᠨ ᠭᠣᠣᠯ ) – ᠦᠭᠡ ᠄ ᠦ‍ ᠂ ᠮᠠᠵᠢᠬᠵᠠᠪ ᠂ ᠠᠶ᠎ᠠ ᠄ ᠡ‍ ᠂ ᠪᠠᠲᠦᠪᠠᠶᠠᠷ Адуучин ( Оршин гол )– Үг ᠄ Ө ᠂ Мажигжав ᠂ Ая ᠄ Э ᠂ Батбаяр

ᠠᠩᠭᠢᠯᠠᠯ:ᠳᠠᠭᠤᠤ ᠬᠥᠭᠵᠢᠮ
2023-04-21

295

ᠠᠳᠤᠭᠤᠴᠢᠨ


         ᠦᠭᠡ ᠄ ᠦ‍ ᠂ ᠮᠠᠵᠢᠬᠵᠠᠪ   
          ᠠᠶ᠎ᠠ ᠄ ᠡ‍ ᠂ ᠪᠠᠲᠦᠪᠠᠶᠠᠷ  

 ᠳᠠᠷᠬᠠᠨ ᠪᠡᠯᠴᠢᠭᠰᠡᠨ ᠠᠲᠤᠭᠤᠨ ᠰᠦᠷᠦᠭ ᠨᠢ
 ᠲᠠᠯ᠎ᠠ ᠨᠤᠲᠤᠭ ᠦ᠋ᠨ ᠦᠵᠡᠰᠬᠦᠯᠡᠩ ᠂
 ᠲᠠᠩᠬᠢᠯ ᠵᠠᠯᠠᠭᠤ ᠠᠲᠤᠭᠤᠴᠢᠨ ᠡᠷ᠎ᠡ
 ᠲᠡᠰᠬᠢᠮ᠎ᠡ ᠬᠦᠢᠲᠡᠨ ᠳ᠋ᠤ᠌ ᠮᠣᠷᠲᠠᠵᠤ ᠪᠠᠶ᠋ᠢᠨ᠎ᠠ ᠃ 

 ᠬᠦᠢᠲᠡᠨ ᠵᠢᠪᠠᠷ ᠰᠠᠯᠬᠢᠯᠠᠨ ᠤᠷᠤᠰᠴᠤ
 ᠬᠥᠨᠲᠡᠯᠡᠨ ᠡᠭᠦᠯᠡ ᠬᠤᠶ᠋ᠢᠯᠠᠷᠠᠨ ᠪᠥᠬᠥᠭᠡᠳ ᠂
 ᠬᠦᠴᠢᠷ ᠪᠡᠷᠬᠡ ᠰᠢᠭᠤᠷᠬ᠋᠎ᠠ ᠪᠣᠯᠵᠤ
 ᠬᠥᠲᠡᠭᠡ ᠳ᠋ᠠᠬᠢ ᠠᠲᠤᠭᠤ ᠨᠢ ᠤᠷᠤᠭᠤᠲᠠᠯ᠎ᠠ ᠃ 

 ᠠᠲᠤᠭᠤᠴᠢᠨ ᠵᠠᠯᠠᠭᠤ ᠶ᠋ᠢᠨ ᠠᠶᠤᠤᠯᠢᠬᠠᠢ ᠴᠡᠭᠡᠵᠢᠨ ᠳ᠋ᠤ᠌ 
 ᠠᠶᠤᠬᠤ ᠡᠮᠢᠶᠡᠬᠦ ᠬᠠᠷᠰᠢᠯᠲᠤᠪᠠᠴᠤ
 ᠠᠷᠠᠳ ᠦ᠋ᠨ ᠨᠢᠭᠡᠲᠦᠯ ᠦ᠋ᠨ ᠰᠦᠷᠦᠭ ᠦ᠋ᠨ ᠬᠣᠶ᠋ᠢᠨ᠎ᠠ ᠠ᠋ᠴᠠ
 ᠠᠮᠢ ᠴᠥᠯᠡᠨ ᠳᠣᠪᠲᠣᠯᠤᠨ᠎ᠠ ᠃  

 ᠨᠡᠶ᠋ᠢᠲᠡ ᠶ᠋ᠢᠨ ᠠᠲᠤᠭᠤᠨ ᠰᠦᠷᠦᠭ ᠡᠴᠡ ᠪᠡᠨ
 ᠨᠢᠭᠡ ᠴᠦ᠍ ᠲᠣᠯᠣᠭᠠᠢ ᠬᠣᠷᠣᠭᠲᠠᠭᠤᠯᠤᠭᠰᠠᠨ ᠦᠭᠡᠢ ᠂
 ᠨᠡᠬᠡᠵᠦ ᠡᠷᠭᠢᠭᠦᠯᠵᠦ ᠠᠪᠴᠢᠷᠠᠭᠰᠠᠨ ᠳ᠋ᠠᠭᠠᠨ
 ᠨᠡᠷ᠎ᠡ ᠲᠡᠢ ᠵᠠᠯᠠᠭᠤ ᠪᠠᠶᠠᠰᠬᠤᠯᠠᠩ ᠲᠠᠢ ᠃

 ᠬᠦᠲᠡᠷ ᠵᠠᠯᠠᠭᠤ ᠠᠲᠤᠭᠤᠴᠢᠨ
 ᠬᠦᠨᠭᠭᠢᠨᠡᠭᠰᠡᠨ ᠬᠣᠭᠣᠯᠠᠢ ᠪᠠᠨ ᠴᠤᠤᠷᠢᠶᠠᠲᠤᠭᠤᠯᠤᠭᠰᠠᠭᠠᠷ
 ᠬᠦᠰᠡᠯ ᠡᠭᠦᠷᠭᠡ ᠪᠡᠨ ᠪᠡᠶᠡᠯᠡᠭᠦᠯᠦᠭᠰᠡᠨ ᠳ᠋ᠡᠭᠡᠨ
 ᠬᠥᠪᠦᠯᠵᠡᠭᠦᠯᠦᠨ ᠳᠠᠭᠤᠯᠠᠵᠤ ᠠᠶ᠋ᠢᠰᠤᠢ ᠲᠡᠷᠡ ᠃
 
ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠪᠠᠶᠠᠷᠴᠡᠴᠡᠭ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ 4 ᠰᠠᠷ᠎ᠠ ᠶ᠋ᠢᠨ 19 ᠪ ᠡᠲᠦᠷ