ᠲᠠᠯ᠎ᠠ ᠶᠢᠨ ᠴᠡᠴᠡᠭ ( ᠣᠷᠱᠤᠨ ᠭᠣᠣᠯ ) – ᠦᠭᠡ ᠄ ᠠ · ᠭᠣᠮᠪᠣ ᠂ ᠠᠶ᠎ᠠ ᠄ ᠡ · ᠪᠠᠲᠦᠪᠠᠶᠠᠷ Талын цэцэг ( Оршин гол ) – Үг ᠄ А · Гомбо ᠂ Ая ᠄ Э · Батбаяр
ᠲᠠᠯ᠎ᠠ ᠶᠢᠨ ᠴᠡᠴᠡᠭ
ᠦᠭᠡ ᠄ ᠠ ᠂ ᠭᠣᠮᠪᠣ
ᠠᠶ᠎ᠠ ᠄ ᠡ ᠂ ᠪᠠᠲᠦᠪᠠᠶᠠᠷ
ᠲᠠᠯ᠎ᠠ ᠶ᠋ᠢᠨ ᠭᠣᠶᠣᠬᠠᠨ ᠴᠡᠴᠡᠭ ᠨᠢ
ᠲᠠᠩᠰᠤᠭ ᠨᠤᠲᠤᠭ ᠊ᠢ ᠴᠢᠮᠡᠭᠯᠡᠨ᠎ᠡ
ᠳᠠᠶ᠋ᠢᠴᠢᠨ ᠬᠥᠲᠡᠯᠮᠦᠷᠢᠴᠢ ᠮᠠᠯᠴᠢᠳ
ᠲᠠᠶ᠋ᠢᠪᠤᠩ ᠠᠮᠢᠲᠤᠷᠠᠯ ᠶ᠋ᠢᠠᠨ ᠴᠣᠭᠴᠠᠯᠠᠨ᠎ᠠ
ᠠ ᠬᠠ ᠬᠠ ᠠ ᠬᠠ ᠬᠦᠢ
ᠴᠡᠴᠡᠭᠲᠦ ᠰᠠᠶ᠋ᠢᠬᠠᠨ ᠲᠠᠯ᠎ᠠ ᠳ᠋ᠠᠭᠠᠨ
ᠪᠢᠲᠡ ᠡᠭᠡᠰᠢᠭ ᠡᠷᠭᠦᠨ᠎ᠡ
ᠴᠡᠩᠭᠡᠯ ᠵᠢᠷᠭᠠᠯ ᠲᠠᠢ ᠠᠮᠢᠲᠤᠷᠠᠯ ᠶ᠋ᠢᠠᠨ
ᠪᠢᠲᠡ ᠮᠠᠭᠲᠠᠨ ᠳᠠᠭᠤᠯᠠᠨ᠎ᠠ ᠂ ᠳᠠᠭᠤᠯᠠᠨ᠎ᠠ ᠃
ᠬᠥᠲᠡᠭᠡ ᠶ᠋ᠢᠨ ᠰᠠᠶ᠋ᠢᠬᠠᠨ ᠴᠡᠴᠡᠭ ᠨᠢ
ᠬᠥᠭᠵᠢᠯᠲᠦ ᠨᠤᠲᠤᠭ ᠊ᠢ ᠮᠢᠨᠢ ᠴᠢᠮᠡᠭᠯᠡᠨ᠎ᠡ ᠂
ᠬᠥᠲᠡᠯᠮᠦᠷᠢᠴᠢ ᠪᠠᠭᠠᠲᠤᠷᠯᠢᠬ ᠮᠠᠯᠴᠢᠳ
ᠬᠦᠰᠡᠯᠡᠩᠲᠦ ᠢᠷᠡᠭᠡᠲᠦᠢ ᠪᠡᠨ ᠴᠣᠭᠴᠠᠯᠠᠨ᠎ᠠ ᠃
ᠳᠠᠭᠢᠯᠲᠠ
ᠠᠲᠠᠷ ᠲᠠᠯ᠎ᠠ ᠶ᠋ᠢᠨ ᠴᠡᠴᠡᠭ ᠨᠢ
ᠠᠯᠠᠭᠯᠠᠨ ᠳᠡᠯᠭᠡᠷᠡᠭᠡᠳ ᠭᠠᠩᠬᠤᠨ᠎ᠠ ᠂
ᠠᠵᠢᠯᠴᠢ ᠬᠥᠲᠡᠯᠮᠦᠷᠢᠴᠢ ᠮᠠᠯᠴᠢᠳ
ᠠᠰᠢᠲᠠ ᠶ᠋ᠢᠨ ᠵᠢᠷᠭᠠᠯ ᠶ᠋ᠢᠠᠷ ᠪᠢᠯᠬᠠᠨ᠎ᠠ ᠃
ᠳᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 19 ᠪ ᠡᠲᠦᠷ


