ᠡᠬᠡ ᠣᠷᠣᠨ  - ᠬᠠᠶ᠋ᠢᠲᠤᠪ ᠦ᠋ᠨ ᠴᠢᠯᠠᠵᠠᠪ Эх орон - Хайдавын Чалжав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠣᠷᠣᠨ  - ᠬᠠᠶ᠋ᠢᠲᠤᠪ ᠦ᠋ᠨ ᠴᠢᠯᠠᠵᠠᠪ Эх орон - Хайдавын Чалжав

ᠡᠬᠡ ᠣᠷᠣᠨ  - ᠬᠠᠶ᠋ᠢᠲᠤᠪ ᠦ᠋ᠨ ᠴᠢᠯᠠᠵᠠᠪ Эх орон - Хайдавын Чалжав

2023-04-21

315

ᠡᠬᠡ ᠣᠷᠣᠨ


 ᠬᠠᠶ᠋ᠢᠲᠤᠪ ᠦ᠋ᠨ ᠴᠢᠯᠠᠵᠠᠪ   
       — ᠰᠣᠶᠣᠯ ᠦ᠋ᠨ ᠭᠠᠪᠢᠶᠠᠲᠤ  ᠵᠢᠤᠠᠬᠦᠯᠲᠡᠨ ᠂  ᠳ ᠂  ᠨᠠᠴᠤᠭᠲᠣᠷᠵᠢ ᠶ᠋ᠢᠨ ᠱᠠᠩᠨᠠᠯᠲᠤ    
  
         ᠡᠬᠡ ᠣᠷᠣᠨ  
       
 ᠴᠠᠰᠤᠲᠤ ᠬᠠᠶ᠋ᠢᠷᠬᠠᠨ ᠂ ᠬᠥᠪᠴᠢ ᠬᠠᠩᠭᠠᠢ ᠂ ᠡᠯᠡᠰᠦᠨ ᠮᠠᠩᠬᠠᠨ 
 ᠴᠠᠭ ᠦ᠋ᠨ ᠤᠷᠲᠤ  ᠳ᠋ᠤ᠌ ᠬᠤᠪᠢᠷᠠᠭᠠᠲᠤᠢ ᠡᠭᠡᠯ  ᠲᠥᠷᠬᠦ ᠲᠡᠢ 
 ᠠᠭᠤᠯᠠ ᠤᠰᠤ ᠂ ᠤᠷᠭᠤᠮᠠᠯ ᠠᠮᠢᠲᠠᠨ ᠂ ᠪᠤᠭᠤᠷᠤᠯ ᠳᠡᠭᠡᠳᠦᠰ ᠮᠢᠨᠢ 
 ᠤᠷᠲᠤ ᠶ᠋ᠢᠨ ᠳᠠᠭᠤᠤ ᠬᠥᠯᠥᠭ ᠦ᠋ᠨ ᠲᠣᠭᠣᠰᠣ ᠲᠠᠢ ᠡᠬᠡ ᠣᠷᠣᠨ ᠮᠢᠨᠢ 

 ᠣᠯᠠᠨ ᠵᠠᠭᠤᠨ ᠪ ᠡᠪᠦᠭᠡᠨ ᠰᠠᠯᠬᠢᠨ ᠳ᠋ᠤ᠌ ᠡᠪᠡᠰᠦ ᠨᠢ ᠨᠠᠶ᠋ᠢᠭᠤᠭᠠᠳ
 ᠣᠨ ᠴᠠᠭ ᠦ᠋ᠨ ᠤᠷᠲᠤ ᠳ᠋ᠤ᠌ ᠠᠷᠢᠯᠤᠭᠠᠲᠤᠢ ᠰᠢᠷᠭᠠᠯ ᠲᠡᠦᠬᠡ ᠲᠡᠢ
 ᠠᠬᠢᠨ ᠲᠥᠷᠥᠭᠡᠳ ᠵᠠᠭᠤᠨ ᠵᠠᠭᠤᠨ ᠵᠢᠯ ᠠᠮᠢᠲᠤᠷᠠᠮᠠᠷ
 ᠬᠣᠣᠰ ᠦᠭᠡᠢ ᠪᠠᠶᠠᠨ ᠢᠵᠢᠯᠢ ᠦᠭᠡᠢ ᠲᠠᠩᠰᠤᠭ ᠡᠬᠡ ᠣᠷᠣᠨ ᠮᠢᠨᠢ

 ᠡᠭᠦᠨ ᠡᠴᠡ ᠴᠡᠯᠮᠡᠭ ᠬᠥᠬᠡ ᠲᠩᠷᠢ ᠭᠡᠵᠦ ᠦᠭᠡᠢ
 ᠡᠬᠡ ᠣᠷᠣᠨ ᠡᠴᠡ ᠮᠢᠨᠢ ᠰᠠᠶ᠋ᠢᠬᠠᠨ ᠨᠤᠲᠤᠭ ᠬᠠᠮᠢᠬ᠋᠎ᠠ ᠴᠦ᠍ ᠦᠭᠡᠢ
 ᠡᠭᠦᠨ ᠡᠴᠡ ᠢᠯᠡᠭᠦᠦ ᠬᠠᠶ᠋ᠢᠷᠠᠯᠠᠬᠤ ᠰᠢᠲᠦᠭᠡᠨ ᠦᠭᠡᠢ
 ᠡᠬᠡ ᠣᠷᠣᠨ ᠠ᠋ᠴᠠ ᠮᠢᠨᠢ ᠰᠠᠶ᠋ᠢᠬᠠᠨ ᠨᠤᠲᠤᠭ ᠳᠠᠩᠴᠤ ᠦᠭᠡᠢ

 ᠡᠴᠢᠭᠡ ᠡᠪᠦᠭᠡᠳ ᠦ᠋ᠨ ᠮᠢᠨᠢ ᠲᠣᠭᠯᠠᠵᠤ ᠥᠰᠦᠭᠰᠡᠨ ᠴᠡᠴᠡᠭᠲᠦ ᠬᠥᠨᠲᠡᠢ
 ᠠᠮᠤᠷ ᠲᠠᠶ᠋ᠢᠪᠤᠩ ᠡᠩᠬᠡ ᠮᠡᠨᠲᠦ ᠶ᠋ᠢᠨ ᠠᠶᠠᠯᠭᠤ ᠲᠠᠢ
 ᠠᠵᠠᠲᠠᠢ ᠲᠥᠷᠥᠭᠰᠡᠨ ᠬᠥᠮᠦᠨ ᠪᠢᠲᠡᠨ ᠪ ᠪᠠᠬᠠᠷᠬᠠᠯ
 ᠠᠷᠠᠳ ᠣᠯᠠᠨ ᠶ᠋ᠢᠠᠷ ᠶ᠋ᠢᠠᠨ ᠲᠡᠨᠢᠭᠦᠨ ᠵᠢᠷᠭᠠᠯ ᠲᠠᠢ ᠡᠬᠡ ᠣᠷᠣᠨ ᠮᠢᠨᠢ

 ᠡᠭᠦᠨ ᠡᠴᠡ ᠴᠡᠯᠮᠡᠭ ᠬᠥᠬᠡ ᠲᠩᠷᠢ ᠭᠡᠵᠦ ᠦᠭᠡᠢ
 ᠡᠬᠡ ᠣᠷᠣᠨ ᠠ᠋ᠴᠠ ᠮᠢᠨᠢ ᠰᠠᠶ᠋ᠢᠬᠠᠨ ᠨᠤᠲᠤᠭ ᠬᠠᠮᠢᠬ᠋᠎ᠠ ᠴᠦ᠍ ᠦᠭᠡᠢ
 ᠡᠭᠦᠨ ᠡᠴᠡ ᠢᠯᠡᠭᠦᠦ ᠬᠠᠶ᠋ᠢᠷᠠᠯᠠᠬᠤ ᠰᠢᠲᠦᠭᠡᠨ ᠦᠭᠡᠢ
 ᠡᠬᠡ ᠣᠷᠣᠨ ᠡᠴᠡ ᠮᠢᠨᠢ ᠰᠠᠶ᠋ᠢᠬᠠᠨ ᠨᠤᠲᠤᠭ ᠳᠠᠩᠴᠤ ᠦᠭᠡᠢ


    ᠡ᠊ ᠂ ᠪᠠᠲᠠᠷᠠᠩᠭᠤᠢ ᠶ᠋ᠢᠨ ᠨᠠᠶ᠋ᠢᠷᠠᠭᠤᠯᠤᠭᠰᠠᠨ 《 ᠮᠢᠨᠦ ᠲᠥᠷᠥᠭᠰᠡᠨ ᠨᠤᠲᠤᠭ ᠮᠣᠩᠭᠣᠯ ᠦ᠋ᠨ ᠰᠠᠶ᠋ᠢᠬᠠᠨ ᠣᠷᠣᠨ 》 ᠠ᠋ᠴᠠ ᠬᠠᠭᠤᠯᠪᠠ ᠃

       ᠬᠠᠭᠤᠯᠤᠭᠰᠠᠨ ᠨᠢ ᠄ ᠮᠢᠩᠭᠠᠳ ᠂  ᠴᠢᠮᠡᠭ
         ᠬᠢᠨᠠᠭᠰᠠᠨ ᠨᠢ ᠄  ᠲᠦᠮᠡᠳ ᠂ ᠭᠦᠨᠴᠢᠨᠵᠠᠪ