ᠦᠵᠡᠰᠬᠦᠯᠡᠩᠲᠦ ᠰᠠᠶ᠋ᠢᠬᠠᠨ ᠬᠥᠯᠥᠨ ᠪᠤᠶ᠋ᠢᠷ ( ᠣᠷᠱᠤᠨ ᠭᠣᠣᠯ ) – ᠦᠭᠡ ᠄ ᠨᠠᠴᠤᠭᠲᠣᠷᠵᠢ ᠂ ᠠᠶ᠎ᠠ ᠄ ᠡ ᠂ ᠪᠠᠲᠦᠪᠠᠶᠠᠷ Үзэсгэлэнт сайхан хөлөн бойр ( оршин гол )– Үг ᠄ Нацагдорж ᠂ Ая ᠄ Э ᠂ Батбаяр
ᠦᠵᠡᠰᠬᠦᠯᠡᠩᠲᠦ ᠰᠠᠶ᠋ᠢᠬᠠᠨ ᠬᠥᠯᠥᠨ ᠪᠤᠶ᠋ᠢᠷ
ᠦᠭᠡ ᠄ ᠨᠠᠴᠤᠭᠲᠣᠷᠵᠢ
ᠠᠶ᠎ᠠ ᠄ ᠡ ᠂ ᠪᠠᠲᠦᠪᠠᠶᠠᠷ
ᠲᠠᠪᠤᠨ ᠬᠣᠰᠢᠭᠤ ᠮᠠᠯ ᠮᠢᠨᠢ
ᠲᠠᠯ᠎ᠠ ᠶ᠋ᠢ ᠳᠦᠭᠦᠷᠡᠩ ᠪᠡᠯᠴᠢᠭᠰᠡᠨ
ᠲᠠᠩᠰᠤᠭ ᠲᠠᠪᠤᠨ ᠲᠠᠷᠢᠶ᠎ᠠ ᠮᠢᠨᠢ
ᠲᠠᠯ᠎ᠠ ᠶ᠋ᠢ ᠡᠮᠵᠢᠶᠡᠷᠯᠡᠨ ᠳᠣᠯᠭᠢᠶᠠᠯᠠᠭᠰᠠᠨ
ᠳᠠᠶ᠋ᠢᠴᠢᠨ ᠲᠡᠮᠡᠴᠡᠯ ᠦ᠋ᠨ ᠤᠷᠤᠯᠲᠤᠭᠠᠨ ᠪ
ᠠᠶᠤᠩᠬ᠋ᠠ ᠬᠡᠩᠭᠡᠷᠭᠡ ᠨᠦᠵᠢᠭᠢᠨᠡᠭᠰᠡᠨ
ᠠᠲᠠᠷ ᠲᠠᠯ᠎ᠠ ᠶ᠋ᠢᠨ ᠮᠠᠯᠴᠢᠨ ᠲᠦᠮᠡᠨ
ᠠᠯᠲᠠᠨ ᠬᠢᠯᠢ ᠪᠡᠨ ᠬᠠᠮᠠᠭᠠᠯᠠᠭᠰᠠᠨ
ᠡᠨᠡ ᠪᠣᠯ ᠮᠢᠨᠦ ᠨᠤᠲᠤᠭ
ᠦᠵᠡᠰᠬᠦᠯᠡᠩᠲᠦ ᠰᠠᠶ᠋ᠢᠬᠠᠨ ᠬᠥᠯᠥᠨ ᠪᠤᠶ᠋ᠢᠷ
ᠦᠵᠡᠰᠬᠦᠯᠡᠩᠲᠦ ᠰᠠᠶ᠋ᠢᠬᠠᠨ ᠬᠥᠯᠥᠨ ᠪᠤᠶ᠋ᠢᠷ ᠃
ᠲᠡᠨᠢᠭᠡᠷ ᠠᠭᠤᠲᠠᠮ ᠪᠡᠯᠴᠢᠭᠡᠷ ᠲᠡᠢ
ᠲᠤᠩᠭᠠᠯᠠᠭ ᠰᠠᠶ᠋ᠢᠬᠠᠨ ᠤᠰᠤ ᠲᠠᠢ
ᠳᠠᠯᠠᠢ ᠨᠠᠭᠤᠷ ᠦ᠋ᠨ ᠭᠠᠷᠤᠯᠲᠠ ᠲᠠᠢ
ᠨᠠᠷᠠᠰᠤᠨ ᠰᠢᠭᠤᠢ ᠶ᠋ᠢᠨ ᠣᠢ ᠲᠠᠢ
ᠰᠢᠨᠵᠢᠯᠡᠬᠦ ᠤᠬᠠᠭᠠᠨ ᠊ᠢ ᠬᠥᠭᠵᠢᠭᠦᠯᠦᠨ
ᠰᠢᠮᠲᠠᠨ ᠠᠵᠢᠯᠯᠠᠭᠰᠠᠨ ᠪᠦᠲᠦᠮᠵᠢ ᠲᠡᠢ
ᠳᠥᠷᠪᠡᠨ ᠣᠲᠣᠬᠢᠴᠢᠯᠠᠯᠲᠠ ᠶ᠋ᠢ ᠪᠡᠶᠡᠯᠡᠭᠦᠯᠬᠦ ᠳ᠋ᠤ᠌
ᠲᠦᠰᠢᠭ ᠪᠣᠯᠤᠭᠰᠠᠨ ᠡᠷᠲᠡᠨᠢ ᠶ᠋ᠢᠨ ᠰᠠᠩ ᠲᠠᠢ
ᠳᠠᠭᠢᠯᠲᠠ
ᠠᠭᠤᠤ ᠨᠠᠮ ᠦ᠋ᠨ ᠵᠢᠯᠣᠭᠣᠲᠤᠯᠬ᠋ᠠ ᠪᠠᠷ
ᠥᠷᠨᠢᠨ ᠬᠥᠭᠵᠢᠭᠰᠡᠨ ᠰᠠᠶ᠋ᠢᠬᠠᠨ ᠣᠷᠣᠨ
ᠠᠬᠠᠮᠠᠳ ᠦᠶ᠎ᠡ ᠶ᠋ᠢᠨ ᠪᠠᠭᠠᠲᠤᠷᠴᠤᠳ ᠦ᠋ᠨ
ᠴᠢᠯᠥᠭᠡᠯᠡᠵᠦ ᠥᠭᠭᠦᠭᠰᠡᠨ ᠰᠠᠶ᠋ᠢᠬᠠᠨ ᠣᠷᠣᠨ ᠂
ᠡᠯ᠎ᠡ ᠦᠨᠲᠦᠰᠦᠲᠡᠨ ᠪ ᠠᠷᠠᠳ ᠲᠦᠮᠡᠨ ᠪ
ᠪᠦᠯᠬᠦᠮᠲᠡᠯ ᠶ᠋ᠢᠡᠷ ᠪᠢᠯᠬᠠᠭᠰᠠᠨ ᠰᠠᠶ᠋ᠢᠬᠠᠨ ᠣᠷᠣᠨ
ᠡᠷᠡᠯᠬᠡᠭ ᠲᠦᠮᠡᠨ ᠪ ᠬᠥᠲᠡᠯᠮᠦᠷᠢᠴᠢ ᠭᠠᠷ ᠶ᠋ᠢᠠᠷ
ᠬᠥᠭᠵᠢᠨ ᠴᠡᠴᠡᠭᠯᠡᠭᠰᠡᠨ ᠰᠠᠶ᠋ᠢᠬᠠᠨ ᠣᠷᠣᠨ
ᠳᠠᠭᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ19 ᠪ ᠡᠲᠦᠷ
