ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ04-ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷМонгол ухааны эрихэн хэлхээ-чулуунбаатрын эрдэнэбаатар ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ04-ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷМонгол ухааны эрихэн хэлхээ-чулуунбаатрын эрдэнэбаатар

ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ04-ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷМонгол ухааны эрихэн хэлхээ-чулуунбаатрын эрдэнэбаатар

2023-04-21

342

ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ04

    ᠵᠣᠬᠢᠶᠠᠭᠴᠢ ᠄ ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷ 
ᠪᠦᠰᠡᠯᠡᠭᠦᠷ ᠰᠤᠯᠠ ᠲᠠᠲᠠᠳᠠᠭ ᠦᠭᠡᠢ 
ᠪᠦᠰᠡ ᠪᠡᠨ ᠰᠣᠯᠢᠵᠤ ᠪᠦᠰᠡᠯᠡᠳᠡᠭ ᠦᠭᠡᠢ 
ᠪᠦᠪᠡᠢ ᠶ᠋ᠢᠨ ᠳᠠᠭᠤᠤ ᠲᠠᠰᠤᠷᠠᠬᠤ ᠦᠭᠡᠢ 
ᠪᠦᠲᠦᠨ ᠮᠣᠩᠭᠣᠯ ᠤᠬᠠᠭᠠᠨ᠃ 

ᠰᠦᠨ ᠳ᠋ᠦ᠍ ᠤᠰᠤ ᠲᠤᠰᠤᠭᠠᠳᠠᠭ ᠦᠭᠡᠢ 
ᠰᠦᠮ᠎ᠡ ᠳ᠋ᠦ᠍ ᠮᠠᠯᠠᠭᠠᠢ ᠲᠠᠢ ᠣᠷᠣᠳᠠᠭ ᠦᠭᠡᠢ 
ᠰᠦᠪᠡᠭᠡ ᠪᠡᠨ ᠲᠤᠯᠵᠤ ᠵᠣᠭᠰᠣᠳᠠᠭ ᠦᠭᠡᠢ 
ᠰᠥᠳᠥ ᠮᠣᠩᠭᠣᠯ ᠤᠬᠠᠭᠠᠨ᠃

ᠢᠷᠣᠭᠠᠯ ᠦᠭᠡᠢ ᠰᠠᠪᠠ ᠪᠠᠶ᠋ᠢᠯᠭᠠᠳᠠᠭ ᠦᠭᠡᠢ
ᠢᠷᠣ᠎ᠠ ᠮᠠᠭᠤ ᠶ᠋ᠢ ᠵᠥᠩᠨᠡᠳᠡᠭ ᠦᠭᠡᠢ
ᠶᠣᠵᠣ ᠦᠭᠡ ᠪᠡᠷ ᠠᠰᠠᠭᠤᠳᠠᠭ ᠦᠭᠡᠢ
ᠶᠣᠰᠣᠷᠬᠠᠭ ᠮᠣᠩᠭᠣᠯ ᠤᠬᠠᠭᠠᠨ᠃

ᠬᠥᠰᠬᠡ ᠲᠡᠷᠭᠡ ᠪᠡᠷ ᠨᠡᠭᠦᠳᠡᠭ
ᠬᠥᠳᠥᠰᠥᠨ ᠪᠣᠶ᠋ᠢᠲᠣᠭ ᠢ᠋ᠶ᠋ᠠᠷ ᠳᠤᠯᠠᠭᠠᠯᠠᠳᠠᠭ
ᠬᠥᠷᠵᠡᠩ ᠭᠠᠷᠭᠠᠵᠤ ᠲᠦᠯᠡᠳᠡᠭ
ᠬᠥᠳᠡᠯᠮᠦᠷᠢᠴᠢ ᠮᠣᠩᠭᠣᠯ ᠤᠬᠠᠭᠠᠨ᠃

ᠠᠭᠤᠯᠠ ᠤᠰᠤ ᠪᠠᠨ ᠳᠠᠬᠢᠳᠠᠭ
ᠨᠢᠳᠤᠭᠠᠨ ᠮᠣᠳᠣ ᠶ᠋ᠢ ᠰᠢᠲᠦᠳᠡᠭ
ᠤᠨᠠᠭ᠎ᠠ ᠲᠠᠮᠠᠭᠠᠯᠠᠵᠤ ᠵᠡᠯᠡᠯᠡᠳᠡᠭ
ᠤᠯᠠᠮᠵᠢᠯᠠᠬᠤ ᠮᠣᠩᠭᠣᠯ ᠤᠬᠠᠭᠠᠨ᠃

ᠨᠡᠭᠦᠳᠡᠯ ᠲᠣᠰᠴᠤ ᠴᠠᠶ᠋ᠢᠯᠠᠲᠠᠭ
ᠨᠢᠭᠤᠷ ᠤ᠋ᠨ ᠪᠤᠶᠠᠨ ᠊ᠢ ᠮᠠᠭᠲᠠᠳᠠᠭ
ᠨᠢᠳᠦ ᠪᠡᠷ ᠦᠵᠡᠵᠦ ᠢᠲᠡᠭᠡᠳᠡᠭ
ᠨᠦᠮᠵᠦᠭ ᠲᠡᠢ ᠮᠣᠩᠭᠣᠯ ᠤᠬᠠᠭᠠᠨ᠃

ᠠᠷᠠᠳ ᠤ᠋ᠨ ᠳᠠᠭᠤᠤ ᠪᠠᠨ ᠵᠣᠬᠢᠶᠠᠳᠠᠭ
ᠠᠮᠠ ᠳᠠᠮᠵᠢᠨ ᠠᠶᠠᠯᠳᠠᠭ 
ᠠᠳᠤᠭᠤ ᠢᠨᠴᠠᠭᠠᠬᠤ ᠳ᠋ᠤ᠌ ᠰᠡᠷᠭᠦᠳᠡᠭ
ᠠᠶᠠᠯᠭᠤᠲᠤ ᠮᠣᠩᠭᠣᠯ ᠤᠬᠠᠭᠠᠨ᠃

ᠬᠤᠪᠢ ᠬᠡᠰᠢᠭ ᠊ᠢ ᠲᠣᠭᠲᠠᠭᠠᠳᠠᠭ ᠦᠭᠡᠢ
ᠬᠤᠷᠤᠭᠤ ᠪᠠᠷ ᠰᠣᠯᠣᠩᠭ᠎ᠠ ᠵᠢᠭᠠᠳᠠᠭ ᠦᠭᠡᠢ
ᠬᠤᠯᠤᠰᠤ ᠪᠠᠷ ᠰᠢᠯᠪᠢᠭᠦᠷ ᠬᠢᠳᠡᠭ ᠦᠭᠡᠢ
ᠬᠤᠪᠢᠷᠠᠰᠢ ᠦᠭᠡᠢ ᠮᠣᠩᠭᠣᠯ ᠤᠬᠠᠭᠠᠨ᠃

ᠬᠥᠬᠦᠦᠷ ᠦ᠋ᠨ ᠲᠣᠯᠣᠭᠠᠢ ᠶ᠋ᠢ ᠳᠠᠷᠤᠳᠠᠭ ᠦᠭᠡᠢ 
ᠬᠥᠭᠡᠰᠦᠷᠡᠭᠰᠡᠨ ᠰᠦ ᠶ᠋ᠢ ᠦᠯᠢᠶᠡᠳᠡᠭ ᠦᠭᠡᠢ
ᠬᠥᠷᠪᠥᠭᠡᠬᠦ ᠠᠳᠤᠭᠤ ᠶ᠋ᠢ ᠦᠷᠭᠦᠭᠡᠳᠡᠭ ᠦᠭᠡᠢ
ᠬᠦᠪᠦᠷᠡᠰᠢ ᠦᠭᠡᠢ ᠮᠣᠩᠭᠣᠯ ᠤᠬᠠᠭᠠᠨ᠃

ᠳᠡᠪᠡᠯ ᠦ᠋ᠨ ᠡᠩᠭᠡᠷ ᠊ᠢ ᠵᠠᠲᠠᠭᠠᠶ᠋ᠢᠯᠠᠲᠠᠭ ᠦᠭᠡᠢ
ᠳᠡᠯᠭᠡᠬᠦ ᠳ᠋ᠦ᠍ ᠪᠡᠨ ᠬᠠᠨᠴᠤᠢ ᠶ᠋ᠢ ᠵᠥᠷᠢᠭᠦᠯᠳᠡᠭ ᠦᠭᠡᠢ
ᠳᠡᠭᠡᠳᠦ ᠲᠣᠪᠴᠢ ᠶ᠋ᠢ ᠡᠮᠬᠦᠳᠡᠭ ᠦᠭᠡᠢ
ᠳᠡᠪᠵᠢᠬᠦ ᠮᠣᠩᠭᠣᠯ ᠤᠬᠠᠭᠠᠨ᠃

ᠭᠠᠳᠠᠰᠤ ᠵᠤᠭᠤᠯᠲᠠ ᠲᠠᠢ ᠣᠷᠬᠢᠳᠠᠭ ᠦᠭᠡᠢ
ᠭᠠᠨᠵᠤᠭ᠎ᠠ ᠰᠦᠯᠵᠢᠵᠦ ᠪᠣᠯᠳᠠᠭ ᠦᠭᠡᠢ
ᠭᠠᠳᠠᠭ᠎ᠠ ᠬᠤᠪᠴᠠᠰᠤ ᠪᠠᠨ ᠬᠣᠨᠣᠭᠤᠯᠳᠠᠭ ᠦᠭᠡᠢ
ᠭᠠᠶ᠋ᠢᠬᠠᠭᠤᠯᠬᠤ ᠮᠣᠩᠭᠣᠯ ᠤᠬᠠᠭᠠᠨ᠃

ᠭᠦᠶᠦᠭᠦᠯ ᠮᠣᠷᠢ ᠶ᠋ᠢ ᠥᠩᠭᠡᠷᠡᠭᠡᠳᠡᠭ
ᠭᠡᠭᠦᠦ ᠶ᠋ᠢᠨ ᠰᠠᠭᠠᠮ᠎ᠠ ᠪᠠᠨ ᠢᠰᠬᠡᠳᠡᠭ
ᠭᠦᠶᠦᠯᠭᠡᠭᠡ ᠤᠬᠠᠭᠠᠨ ᠳ᠋ᠤ᠌ ᠰᠤᠷᠭᠠᠳᠠᠭ
ᠭᠦᠨᠵᠡᠭᠡᠢ ᠮᠣᠩᠭᠣᠯ ᠤᠬᠠᠭᠠᠨ᠃

ᠶᠢᠰᠦ ᠶ᠋ᠢᠨ ᠲᠣᠭ᠎ᠠ ᠶ᠋ᠢ ᠡᠷᠬᠢᠮᠯᠡᠳᠡᠭ
ᠶᠢᠰᠦᠨ ᠡᠷᠳᠡᠨᠢ ᠪᠡᠷ ᠴᠢᠮᠡᠭᠯᠡᠳᠡᠭ
ᠶᠢᠷᠲᠢᠨᠴᠦ ᠶ᠋ᠢ ᠲᠠᠨᠢᠨ ᠮᠡᠳᠡᠳᠡᠭ
ᠢᠷᠦᠭᠡᠯ ᠲᠡᠢ ᠮᠣᠩᠭᠣᠯ ᠤᠬᠠᠭᠠᠨ ᠃

ᠲᠥᠷᠥ ᠶ᠋ᠢᠨ ᠰᠦᠯᠳᠡᠨ ᠳ᠋ᠦ᠍ ᠪᠡᠨ ᠵᠠᠯᠪᠠᠷᠢᠳᠠᠭ
ᠲᠥᠭᠡᠯᠡᠵᠦ ᠠᠯᠳᠠᠯᠠᠵᠤ ᠬᠡᠮᠵᠢᠳᠡᠭ
ᠲᠥᠷᠥᠭᠰᠡᠨ ᠭᠠᠵᠠᠷ   ᠶ᠋ᠢᠠᠨ ᠬᠥᠷᠪᠥᠭᠡᠳᠡᠭ
ᠲᠥᠷᠥᠯᠬᠢ ᠮᠣᠩᠭᠣᠯ ᠤᠬᠠᠭᠠᠨ ᠃

ᠬᠤᠷᠤᠭᠤ ᠳᠡᠮᠪᠡᠭᠡ ᠬᠥᠭᠵᠢᠭᠡᠳᠡᠭ
ᠬᠤᠷ᠎ᠠ ᠶ᠋ᠢᠨ ᠡᠭᠦᠯᠡ ᠶ᠋ᠢ ᠠᠷᠭᠠᠳᠠᠳᠠᠭ
ᠬᠤᠭᠤᠷ ᠤ᠋ᠨ ᠡᠭᠡᠰᠢᠭ ᠢ᠋ᠶ᠋ᠡᠷ ᠤᠶᠠᠷᠠᠭᠠᠳᠠᠭ
ᠬᠤᠪᠢ ᠲᠠᠢ ᠮᠣᠩᠭᠣᠯ ᠤᠬᠠᠭᠠᠨ ᠃

ᠰᠢᠯᠦᠰᠦ ᠪᠡᠨ ᠦᠰᠦᠴᠢᠭᠦᠯᠵᠦ ᠶᠠᠷᠢᠳᠠᠭ ᠦᠭᠡᠢ
ᠰᠢᠳᠦ ᠪᠡᠨ ᠬᠠᠪᠢᠷᠠᠵᠤ ᠵᠠᠭᠤᠳᠠᠭ ᠦᠭᠡᠢ
ᠰᠢᠭᠦᠷᠡᠵᠦ ᠪᠤᠯᠢᠶᠠᠵᠤ ᠠᠪᠳᠠᠭ ᠦᠭᠡᠢ
ᠰᠢᠲᠦᠭᠡᠨ ᠮᠣᠩᠭᠣᠯ ᠤᠬᠠᠭᠠᠨ ᠃

ᠲᠣᠲᠣᠭᠣᠨ ᠠ᠋ᠴᠠ ᠪᠠᠷᠢᠵᠤ ᠭᠠᠷᠳᠠᠭ ᠦᠭᠡᠢ
ᠲᠣᠭᠣᠭᠠᠨ ᠤ᠋ ᠬᠥ ᠶ᠋ᠢ ᠬᠡᠶ᠋ᠢᠰᠬᠡᠳᠡᠭ ᠦᠭᠡᠢ
ᠲᠣᠭᠲᠠᠮᠠᠯ ᠤᠰᠤᠨ ᠳ᠋ᠤ᠌ ᠣᠷᠣᠳᠠᠭ ᠦᠭᠡᠢ
ᠲᠣᠭᠲᠠᠭᠤᠨ ᠮᠣᠩᠭᠣᠯ ᠤᠬᠠᠭᠠᠨ᠃

ᠮᠠᠯ ᠮᠠᠭᠤᠯᠠᠬᠤ ᠶ᠋ᠢ ᠦᠵᠡᠭᠦᠯᠳᠡᠭ ᠦᠭᠡᠢ
ᠮᠠᠩᠭᠢᠷ ᠊ᠢ ᠡᠭᠦᠷ ᠢ᠋ᠶ᠋ᠡᠷ ᠢᠨᠤ ᠲᠡᠭᠦᠳᠡᠭ ᠦᠭᠡᠢ
ᠮᠠᠭᠲᠠᠭᠠᠯ ᠦᠭᠡᠨ ᠳ᠋ᠦ᠍ ᠬᠥᠭᠡᠷᠳᠡᠭ ᠦᠭᠡᠢ
ᠮᠠᠷᠲᠠᠰᠢ ᠦᠭᠡᠢ ᠮᠣᠩᠭᠣᠯ ᠤᠬᠠᠭᠠᠨ᠃

ᠬᠠᠶ᠋ᠢᠷᠬᠠᠨ ᠠᠭᠤᠯᠠ ᠶ᠋ᠢ ᠬᠥᠨᠳᠡᠳᠡᠭ ᠦᠭᠡᠢ
ᠬᠠᠵᠠᠭᠤ ᠳ᠋ᠤ᠌ ᠠᠨᠤ ᠨᠡᠷ᠎ᠡ ᠶ᠋ᠢ ᠠᠰᠠᠭᠤᠳᠠᠭ ᠦᠭᠡᠢ
ᠬᠠᠷ᠎ᠠ ᠦᠭᠡ ᠶ᠋ᠢ ᠰᠢᠪᠰᠢᠳᠡᠭ ᠦᠭᠡᠢ
ᠬᠠᠮᠤᠭ ᠮᠣᠩᠭᠣᠯ ᠤᠬᠠᠭᠠᠨ᠃

ᠬᠣᠨᠢ ᠬᠣᠯᠪᠣᠵᠤ ᠰᠠᠭᠠᠳᠠᠭ
ᠬᠣᠣᠰ ᠮᠣᠷᠢ ᠪᠠᠷ ᠢᠵᠢᠯᠢᠰᠢᠳᠡᠭ
ᠬᠣᠷᠭᠣᠯ ᠰᠢᠲᠠᠭᠠᠵᠤ ᠮᠡᠷᠭᠡᠯᠡᠳᠡᠭ
ᠬᠣᠣᠰ ᠮᠣᠩᠭᠣᠯ ᠤᠬᠠᠭᠠᠨ᠃

ᠵᠢᠩᠭᠠᠷ ᠲᠤᠤᠯᠢᠰ ᠬᠠᠶ᠋ᠢᠯᠠᠲᠠᠭ
ᠵᠢᠪᠠᠷ ᠰᠥᠷᠴᠦ ᠮᠠᠯᠵᠢᠳᠠᠭ
ᠵᠠᠶᠢᠭ᠋ ᠶᠣᠰᠣ ᠶ᠋ᠢ ᠰᠠᠬᠢᠭᠤᠯᠳᠠᠭ
ᠵᠢᠷᠭᠠᠯᠲᠠᠢ ᠮᠣᠩᠭᠣᠯ ᠤᠬᠠᠭᠠᠨ᠃

ᠵᠢᠯ ᠦ᠋ᠨ ᠥᠩᠭᠡ ᠶ᠋ᠢ ᠰᠢᠨᠵᠢᠳᠡᠭ
ᠵᠢᠭᠢᠨ ᠨᠣᠬᠠᠢ ᠶ᠋ᠢ ᠬᠣᠭᠣᠯᠠᠯᠠᠳᠠᠭ
ᠵᠢᠩ ᠲᠡᠭᠡᠭᠡᠵᠦ ᠥᠷᠲᠡᠭᠡᠯᠡᠳᠡᠭ
ᠵᠢᠩᠬᠢᠨᠢ ᠮᠣᠩᠭᠣᠯ ᠤᠬᠠᠭᠠᠨ᠃

ᠲᠤᠭ ᠰᠦᠯᠳᠡ ᠪᠡᠨ ᠮᠠᠨᠳᠤᠭᠤᠯᠳᠠᠭ
ᠲᠤᠯᠭᠠᠨ ᠳ᠋ᠤ᠌ ᠭᠠᠯ ᠢ᠋ᠶ᠋ᠠᠨ ᠪᠠᠳᠮᠠᠯᠠᠳᠠᠭ
ᠲᠤᠭᠤᠷᠠᠢ ᠶ᠋ᠢᠨ ᠮᠥᠷ ᠢ᠋ᠶ᠋ᠡᠷ ᠲᠠᠮᠠᠭᠠᠯᠠᠳᠠᠭ
ᠲᠤᠭᠤᠷᠭᠠᠲᠤ ᠮᠣᠩᠭᠣᠯ ᠤᠬᠠᠭᠠᠨ᠃

ᠬᠣᠪ ᠦᠭᠡ ᠶ᠋ᠢ ᠵᠥᠭᠡᠭᠡᠳᠡᠭ ᠦᠭᠡᠢ
ᠬᠣᠶᠠᠷ ᠵᠠᠮ ᠊ᠢ ᠬᠥᠭᠡᠭᠡᠳᠡᠭ ᠦᠭᠡᠢ
ᠬᠣᠨᠣᠴᠠ ᠶ᠋ᠢ ᠰᠥᠨᠢ ᠳᠠᠭᠠᠷᠠᠭᠤᠯᠳᠠᠭ ᠦᠭᠡᠢ
ᠬᠣᠯᠠᠴᠢ ᠮᠣᠩᠭᠣᠯ ᠤᠬᠠᠭᠠᠨ᠃

ᠰᠣᠨᠣᠷ ᠬᠠᠷᠠᠭ᠎ᠠ ᠠᠯᠳᠠᠳᠠᠭ ᠦᠭᠡᠢ
ᠰᠣᠯᠣᠭᠠᠢ ᠭᠠᠷ ᠢ᠋ᠶ᠋ᠠᠷ ᠥᠭᠳᠡᠭ ᠦᠭᠡᠢ
ᠰᠤᠪᠢᠨ ᠲᠠᠲᠠᠬᠤ ᠶ᠋ᠢ ᠠᠨᠳᠠᠳᠠᠭ ᠦᠭᠡᠢ
ᠰᠣᠩᠭᠣᠳᠠᠭ ᠮᠣᠩᠭᠣᠯ ᠤᠬᠠᠭᠠᠨ᠃

ᠨᠡᠷ᠎ᠡ ᠠᠯᠳᠠᠷ ᠢ᠋ᠶ᠋ᠠᠨ ᠬᠤᠭᠤᠯᠳᠠᠭ ᠦᠭᠡᠢ
ᠨᠡᠷᠡᠯᠬᠡᠦ ᠵᠠᠩ ᠊ᠢ ᠬᠦᠯᠢᠶᠡᠳᠡᠭ ᠦᠭᠡᠢ
ᠨᠢᠭᠡ ᠰᠡᠯᠲᠡ ᠪᠡᠯᠡᠭᠯᠡᠳᠡᠭ ᠦᠭᠡᠢ
ᠨᠡᠪᠲᠡᠷᠬᠡᠢ ᠮᠣᠩᠭᠣᠯ ᠤᠬᠠᠭᠠᠨ᠃

ᠮᠥᠭᠡᠷ ᠳᠤᠭᠤᠢ ᠭᠠᠩᠬᠤᠳᠠᠭ ᠦᠭᠡᠢ
ᠮᠥᠷ ᠵᠠᠮ ᠠᠨᠤ ᠪᠠᠯᠠᠷᠠᠳᠠᠭ ᠦᠭᠡᠢ
ᠮᠥᠷᠭᠥᠯ ᠰᠢᠲᠦᠯᠭᠡ ᠲᠠᠰᠤᠷᠠᠳᠠᠭ ᠦᠭᠡᠢ
ᠮᠥᠩᠬᠡᠷᠡᠬᠦ ᠮᠣᠩᠭᠣᠯ ᠤᠬᠠᠭᠠᠨ᠃

 ᠦᠰᠦᠭ ᠠᠮᠢᠯᠠᠭᠤᠯᠤᠭᠴᠢ ᠄ ᠰᠡᠴᠡᠨᠴᠢᠮᠡᠭ
 ᠬᠢᠨᠠᠭᠴᠢ ᠄ ᠣᠳᠬᠠᠨᠰᠸ᠎ᠠ ᠰᠠᠶ᠋ᠢᠵᠢᠷᠠᠬᠤ