ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-9Гүнгийн жуугийн гэгээний алтан сургаал оршивой
ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-9
ᠨᠢᠭᠡᠳᠦᠭᠡᠷ ᠪᠦᠯᠦᠭ ᠰᠤᠷᠭᠠᠯ ᠰᠢᠯᠦᠭ
ᠶᠢᠰᠦ
ᠭᠤᠷᠪᠠᠨ ᠬᠣᠣᠷ ᠤ᠋ᠨ ᠤᠰᠤᠨ ᠢ᠋ᠶ᠋ᠠᠷ ᠪᠡᠶ᠎ᠡ ᠰᠡᠳᠬᠢᠯ ᠰᠣᠭᠲᠣᠵᠤ ᠂
ᠭᠤᠲᠠᠭᠠᠯᠲᠤ ᠵᠢᠷᠭᠠᠯᠠᠩ ᠳ᠋ᠤᠷ ᠡᠨᠳᠡᠭᠦᠷᠡᠨ ᠰᠢᠨᠤᠵᠤ ᠂
ᠭᠤᠲᠤᠮᠰᠢᠭᠲᠤ ᠴᠥᠪ ᠦ᠋ᠨ ᠳᠦᠷᠢ ᠪᠠᠭᠠᠲᠤᠷ ᠰᠢᠭ᠋ ᠠᠷᠠᠳ ᠲᠤᠷ ᠂
ᠬᠤᠷᠴᠠ ᠪᠤᠱᠤ ᠮᠣᠬᠣᠳᠠᠭ ᠵᠢᠳᠠ ᠪᠢᠯᠡᠭᠦᠳᠡᠨ ᠪᠢᠴᠢᠪᠡᠢ ᠃
ᠲᠠᠪᠤᠨ ᠡᠷᠡᠰ ᠤᠬᠠᠭᠠᠨ ᠳ᠋ᠤᠷ ᠪᠠᠯᠠᠷ ᠮᠤᠩᠬᠠᠭ ᠪᠣᠯᠪᠠᠴᠤ ᠂
ᠲᠠᠨᠢᠬᠤᠶᠠ ᠬᠢᠯᠪᠠᠷ ᠮᠤᠩᠬᠠᠭ ᠠᠷᠠᠳ ᠶᠠᠭᠤᠨ ᠵᠢᠮ᠎ᠡ ᠪᠡᠷ ᠂
ᠲᠠᠰᠤᠷ ᠮᠤᠨᠠᠶ᠋ᠢᠳ ᠦᠭᠦᠯᠡᠭᠰᠡᠨ ᠬᠡᠳᠡᠷ ᠲᠡᠨᠡᠭ ᠰᠤᠷᠭᠠᠯ ᠳ᠋ᠤᠷ ᠂
ᠲᠠᠩᠭᠠᠷᠢᠭᠲᠤ ᠨᠣᠮ ᠤ᠋ᠨ ᠰᠠᠬᠢᠭᠤᠯᠰᠤᠨ ᠭᠡᠷᠡᠴᠢᠯᠡᠨ ᠰᠣᠶᠣᠷᠬ᠎ᠠ ᠃
ᠰᠡᠳᠬᠢᠯᠴᠢᠯᠡᠨ ᠴᠢᠨᠳᠠᠮᠤᠨᠢ ᠡᠷᠳᠡᠨᠢ ᠡᠴᠡ ᠦᠯᠡᠮᠵᠢ ᠂
ᠰᠡᠷᠭᠦᠯᠡᠩ ᠪᠠ ᠡᠷᠳᠡᠮ ᠲᠡᠭᠦᠰ ᠬᠥᠮᠦᠨ ᠪᠡᠶ᠎ᠡ ᠶ᠋ᠢ ᠣᠯᠤᠭᠠᠳ ᠂
ᠰᠡᠷᠡᠮᠵᠢ ᠦᠭᠡᠢ ᠠᠳᠤᠭᠤᠰᠤ ᠯᠤᠭ᠎ᠠ ᠢᠯᠭᠠᠯ ᠦᠭᠡᠢ ᠶᠠᠪᠤᠭᠴᠢ ᠂
ᠰᠡᠬᠡᠭᠡᠷᠡᠯᠲᠡ ᠦᠭᠡᠢ ᠠᠶᠤᠯ ᠳ᠋ᠤ᠌ ᠳᠠᠭᠠᠷᠢᠭᠳᠠᠬᠤ ᠪᠤᠯᠠᠭᠤᠵᠠᠢ ᠃
ᠲᠤᠭᠤᠯᠤᠰᠢ ᠦᠭᠡᠢ ᠺᠠᠯᠠᠪ ᠢ᠋ᠶ᠋ᠠᠷ ᠪᠦᠲᠦᠭᠡᠭᠰᠡᠨ ᠪᠤᠶᠠᠨ ᠢ᠋ᠶ᠋ᠠᠷ ᠂
ᠲᠥᠷᠥᠯ ᠪᠣᠯᠵᠤ ᠤᠴᠠᠷᠠᠭᠰᠠᠨ ᠬᠥᠮᠦᠨ ᠪᠡᠶ᠎ᠡ ᠶ᠋ᠢᠨ ᠴᠢᠨᠠᠷ ᠊ᠢ ᠂
ᠲᠣᠭᠲᠠᠭᠠᠵᠤ ᠪᠣᠳᠣᠬᠤᠯ᠎ᠠ ᠮᠠᠰᠢ ᠶᠡᠬᠡ ᠭᠠᠶ᠋ᠢᠬᠠᠮᠰᠢᠬ ᠂
ᠲᠣᠩᠴᠤ᠌ ᠬᠣᠶ᠋ᠢᠨ᠎ᠠ ᠣᠯᠬᠤ ᠠᠨᠤ ᠡᠳᠦᠷᠦᠨ ᠣᠳᠣ ᠠᠳᠠᠯᠢ᠃
ᠲᠥᠷᠥᠭᠰᠡᠨ ᠦ᠌ ᠡᠳᠦᠷ ᠡᠴᠡ ᠦᠬᠦᠯ ᠦ᠋ᠨ ᠡᠵᠡᠨ ᠠᠮᠠᠨ ᠳ᠋ᠤᠷ᠂
ᠲᠦᠯᠭᠡᠭᠲᠡᠵᠤ ᠨᠢᠭᠡᠨ ᠴᠠᠭ ᠤ᠋ᠨ ᠨᠤᠲᠠ ᠦᠭᠡᠢ ᠪᠠᠶ᠋ᠢᠲᠠᠯ᠎ᠠ᠂
ᠲᠦᠮᠡᠨ ᠨᠠᠰᠤᠨ ᠪᠡᠯᠡᠳᠬᠡᠯ ᠳ᠋ᠦ᠍ᠷ ᠰᠠᠨᠳᠤᠷᠤᠭᠰᠠᠨ ᠮᠤᠩᠬᠠᠭ ᠦ᠋ᠳ ᠂
ᠲᠦᠪᠡᠭ ᠦᠭᠡᠢ ᠲᠠᠮᠤ ᠳ᠋ᠠᠭᠠᠨ ᠤᠲᠤᠶᠠ ᠭᠡᠮᠡᠨ ᠰᠠᠨᠠᠪᠠ ᠤᠤ᠃
ᠲᠥᠷᠥᠭᠰᠡᠨ ᠊ᠢ ᠪᠡᠨ ᠮᠡᠳᠡᠨ ᠠᠲᠠᠯ᠎ᠠ ᠦᠬᠦᠬᠦ ᠪᠡᠨ ᠮᠠᠷᠲᠠᠵᠤ ᠂
ᠲᠦᠰᠢᠭ ᠪᠣᠯᠬᠤ ᠪᠤᠶᠠᠨ ᠨᠣᠮ ᠊ᠢ ᠬᠣᠶ᠋ᠢᠰᠢᠯᠠᠭᠤᠯᠤᠨ ᠣᠷᠬᠢᠭᠠᠳ ᠂
ᠲᠡᠮᠦᠷ ᠵᠢᠷᠦᠬᠡ ᠨᠢᠭᠦᠯᠲᠨ ᠢ᠋ᠶ᠋ᠡᠷ ᠰᠢᠨᠤᠬᠠᠶ᠋ᠢᠷᠠᠨ ᠶᠠᠪᠤᠭᠴᠢ ᠂
ᠲᠦᠷᠭᠡᠯᠡᠵᠦ ᠲᠠᠮᠤ ᠳ᠋ᠠᠭᠠᠨ ᠤᠲᠤᠶᠠ ᠭᠡᠮᠡᠨ ᠰᠠᠨᠠᠪᠠ ᠤᠤ᠃
ᠡᠷᠳᠡᠨᠢ ᠮᠡᠲᠦ ᠬᠥᠮᠦᠨ ᠪᠡᠶ᠎ᠡ ᠶ᠋ᠢ ᠪᠤᠶᠠᠨ ᠢ᠋ᠶ᠋ᠠᠷ ᠣᠯᠤᠭᠠᠳ ᠂
ᠡᠷᠡᠮᠰᠢᠯᠳᠦ ᠮᠤᠨᠤᠭ ᠳᠤᠷ᠎ᠠ ᠶ᠋ᠢ ᠲᠤᠲᠤᠮᠵᠢᠯᠠᠨ ᠡᠳ᠋ᠯᠡᠵᠦ ᠂
ᠡᠯᠳᠡᠪ ᠣᠯᠠᠨ ᠮᠡᠷᠭᠡᠨ ᠮᠡᠬᠡ ᠳᠥᠯᠭᠡᠨ ᠳᠦᠷᠢ ᠶ᠋ᠢ ᠪᠠᠷᠢᠭᠴᠢ ᠂
ᠡᠪᠡᠷ ᠦᠭᠡᠢ ᠮᠤᠬᠤᠷ ᠬᠠᠶ᠋ᠢᠨᠤᠭ ᠬᠠᠪᠬᠢᠷ ᠲᠠᠭᠠᠨ ᠬᠠᠯᠠᠲᠠᠢ᠃
ᠬᠣᠷᠣᠮᠬᠠᠨ ᠢ᠋ᠶ᠋ᠠᠷ ᠮᠥᠩᠬᠡ ᠪᠤᠰᠤ ᠶ᠋ᠢ ᠮᠠᠲᠠᠯ ᠦᠭᠡᠢ ᠪᠥᠭᠡᠰᠦ ᠂
ᠬᠣᠶ᠋ᠢᠲᠤ ᠨᠠᠰᠤᠨ ᠲᠤᠰᠠ ᠭᠡᠮᠡᠨ ᠬᠠᠮᠢᠭ᠎ᠠ ᠠ᠋ᠴᠠ ᠲᠦᠷᠦᠮᠦᠢ ᠂
ᠬᠣᠶ᠋ᠢᠲᠤ ᠨᠠᠰᠤᠨ ᠲᠤᠰᠠ ᠭᠡᠮᠡᠨ ᠰᠡᠳᠬᠢᠬᠦ ᠦᠭᠡᠢ ᠪᠥᠭᠡᠰᠦ᠂
ᠬᠣᠭᠣᠯᠠᠢ ᠪᠠᠨ ᠬᠢᠲᠤᠭ᠎ᠠ ᠪᠠᠷ ᠴᠢᠮᠡᠭᠰᠡᠨ ᠳ᠋ᠦ᠍ᠷ ᠠᠳᠠᠯᠢ᠃
ᠬᠡᠳᠦᠨ ᠴᠠᠭ ᠤ᠋ᠨ ᠪᠤᠶᠠᠨ ᠨᠣᠮ ᠊ᠢ ᠴᠢᠩᠳᠠᠯᠠᠬᠤ ᠪᠠᠶ᠋ᠢᠲᠤᠭᠠᠢ ᠂
ᠭᠡᠳᠡᠪᠡᠯᠵᠡᠨ ᠨᠢᠭᠡᠨ ᠪᠡᠶ᠎ᠡ ᠶ᠋ᠢᠨ ᠵᠢᠷᠤᠮ ᠢ᠋ᠶ᠋ᠠᠨ ᠠᠯᠳᠠᠵᠤ᠂
ᠭᠡᠳᠡᠷᠭᠦ ᠪᠡᠨ ᠡᠨᠡ ᠬᠣᠶ᠋ᠢᠲᠤ ᠬᠣᠶᠠᠭᠤᠯᠠ ᠶ᠋ᠢ ᠪᠦᠷᠢᠯᠭᠡᠨ ᠂
ᠭᠡᠳᠡᠰᠦᠨ ᠢ᠋ᠶ᠋ᠡᠨ ᠬᠢᠴᠢᠶᠡᠭᠰᠡᠨ ᠨᠢᠴᠦᠭᠦᠨ ᠭᠠᠬᠠᠢ ᠶ᠋ᠢᠨ ᠴᠢᠨᠠᠷ ᠮᠥᠨ᠃
ᠡᠷᠬᠢᠮ ᠨᠣᠮ ᠤ᠋ᠨ ᠲᠠᠭᠠᠯᠠᠯ ᠊ᠢ ᠤᠬᠠᠭᠠᠬᠤ ᠪᠠᠶ᠋ᠢᠲᠤᠭᠠᠢ ᠂
ᠡᠨᠡ ᠪᠡᠶ᠎ᠡ ᠶ᠋ᠢᠨ ᠵᠢᠷᠤᠮ ᠢ᠋ᠶ᠋ᠠᠨ ᠬᠢᠴᠢᠶᠡᠭᠴᠢ ᠬᠥᠮᠦᠨ ᠪᠣᠢ ᠂
ᠡᠯᠪᠡᠯᠵᠡᠨ ᠭᠠᠶ᠋ᠢᠬᠠᠭᠤᠯᠵᠤ ᠰᠢᠨᠤᠯ ᠢ᠋ᠶ᠋ᠠᠷ ᠡᠪᠳᠡᠭᠴᠢ ᠂
ᠢᠯᠵᠢᠷᠡᠭᠰᠡᠨ ᠮᠢᠬ᠎ᠠ ᠴᠣᠭᠴᠠ ᠶ᠋ᠢ ᠲᠠᠷᠭᠤᠨ ᠨᠣᠬᠠᠢ ᠭᠣᠯᠣᠮᠤᠢ ᠃
ᠡᠵᠡᠨ ᠲᠥᠷᠥ ᠶ᠋ᠢᠨ ᠬᠤᠷᠴᠠ ᠶᠣᠰᠣ ᠲᠠᠭᠠᠯᠠᠯ ᠴᠤ᠌ ᠵᠢᠷᠤᠮ ᠪᠣᠢ ᠂
ᠡᠷᠬᠢᠮᠯᠡᠵᠦ ᠬᠢᠨᠠᠪᠠᠰᠤ ᠪᠤᠶᠠᠨ ᠪᠣᠯᠵᠤ ᠪᠣᠯᠤᠮᠤᠢ ᠂
ᠡᠷᠡᠮᠰᠢᠯᠳᠦ ᠮᠤᠩᠬᠠᠭ ᠦ᠋ᠳ ᠊ᠢ ᠠᠵᠢᠭᠯᠠᠵᠤ ᠦᠵᠡᠪᠡᠯ ᠂
ᠡᠷᠡᠰ ᠮᠡᠷᠭᠡᠨ ᠵᠢᠷᠤᠮ ᠬᠣᠶᠠᠷ ᠬᠠᠷᠰᠢᠯᠠᠭᠰᠠᠨ ᠪᠣᠯᠤᠯᠲᠠᠢ᠃
ᠭᠠᠶ᠋ᠢᠬᠠᠮᠰᠢᠭᠲᠤ ᠬᠥᠮᠦᠨ ᠪᠡᠶ᠎ᠡ ᠶ᠋ᠢ ᠶᠠᠭᠤᠨ ᠢ᠋ᠶ᠋ᠠᠷ ᠣᠯᠤᠭᠰᠠᠨ ᠂
ᠭᠠᠶ᠋ᠢᠬᠠᠭᠤᠯᠤᠭᠴᠢ ᠶᠡᠬᠡ ᠪᠡᠶ᠎ᠡ ᠶ᠋ᠢ ᠬᠡᠨ ᠬᠥᠮᠦᠨ ᠥᠰᠬᠡᠭᠰᠡᠨ ᠂
ᠭᠠᠯᠵᠠᠭᠤ ᠪᠠᠨ ᠳᠤᠭᠲᠤᠷᠤᠭᠳᠠᠨ ᠪᠠᠶ᠋ᠢᠵᠠ ᠪᠠᠶ᠋ᠢᠵᠠ ᠬᠠᠶ᠋ᠢᠷᠠᠨ ᠂
ᠭᠠᠯ ᠤ᠋ᠨ ᠳᠣᠲᠣᠷ᠎ᠠ ᠤᠨᠠᠪᠠᠰᠤ ᠡᠮᠨᠡᠬᠦᠶᠡ ᠪᠡᠷᠬᠡ ᠯᠡ᠃
ᠠᠷᠪᠠᠨ ᠰᠠᠷ᠎ᠠ ᠭᠦᠢᠴᠡᠲᠡᠯ᠎ᠡ ᠭᠡᠳᠡᠰᠦᠨ ᠳ᠋ᠦ᠍ᠷ ᠡᠭᠦᠷᠦᠨ ᠂
ᠠᠮᠢ ᠠᠯᠲᠠᠨ ᠰᠢᠬᠠᠮᠳᠠᠵᠤ ᠲᠥᠷᠥᠭᠰᠡᠨ ᠦ᠌ ᠳᠠᠷᠤᠢ ᠪᠠᠷ ᠂
ᠠᠮᠢ ᠪᠡᠶ᠎ᠡ ᠶ᠋ᠢᠨ ᠠᠯᠵᠢᠶᠠᠯ ᠢ᠋ᠶ᠋ᠠᠷ ᠡᠨᠡᠷᠢᠯᠪᠡᠢ ᠶ᠋ᠢ ᠲᠡᠪᠴᠢᠭᠡᠳ ᠂
ᠠᠷᠭ᠎ᠠ ᠵᠦᠢᠯ ᠦ᠋ᠨ ᠠᠰᠠᠷᠠᠯ ᠢ᠋ᠶ᠋ᠠᠷ ᠠᠷᠠᠶ᠋ᠢᠴᠢᠯᠠᠨ ᠬᠢᠴᠢᠶᠡᠨ᠃
ᠠᠮᠠᠨ ᠢ᠋ᠶ᠋ᠠᠷ ᠨᠢᠰᠦ ᠶ᠋ᠢ ᠲᠡᠳᠡᠨ ᠠᠯᠠᠭᠠᠨ ᠳ᠋ᠤᠷ ᠪᠠᠯᠢᠭᠠᠳ ᠂
ᠠᠷᠢᠭᠤᠨ ᠪᠤᠰᠤ ᠶ᠋ᠢ ᠡᠨᠡᠷᠢᠯ ᠢ᠋ᠶ᠋ᠡᠷ ᠠᠮᠢ ᠵᠢᠭᠤᠯ ᠪᠣᠯᠭᠠᠵᠤ ᠂
ᠠᠰᠢᠳᠠ ᠪᠠᠷ ᠡᠳᠦᠷ ᠰᠥᠨᠢ ᠪᠡᠶ᠎ᠡ ᠶ᠋ᠢᠨ ᠡᠷᠬᠡ ᠶ᠋ᠢ ᠣᠷᠬᠢᠭᠠᠳ ᠂
ᠠᠮᠢᠨ ᠠ᠋ᠴᠠ ᠦᠯᠡᠮᠵᠢᠳᠡ ᠰᠠᠨᠠᠭᠰᠠᠨ ᠴᠤ᠌ ᠢᠯᠡᠳᠲᠡ᠃
ᠡᠷᠬᠢᠮ ᠴᠠᠭᠠᠨ ᠰᠦᠨ ᠢ᠋ᠶ᠋ᠡᠷ ᠠᠮᠢ ᠶ᠋ᠢ ᠠᠨᠤ ᠲᠡᠵᠢᠭᠡᠨ ᠂
ᠡᠯᠢᠭᠡᠨ ᠦ᠌ ᠢᠯᠴᠢᠨ ᠢ᠋ᠶ᠋ᠡᠷ ᠪᠡᠶ᠎ᠡ ᠶ᠋ᠢ ᠢᠨᠤ ᠠᠰᠠᠷᠠᠨ ᠂
ᠡᠶᠡᠰᠬᠦᠯᠡᠩ ᠠᠭᠠᠯᠢ ᠪᠠᠷ ᠠᠮᠠᠷᠠᠭᠯᠠᠨ ᠦᠰᠬᠡᠭᠰᠡᠨ ᠂
ᠡᠵᠢ ᠮᠡᠲᠦ ᠠᠴᠢᠲᠠᠨ ᠣᠷᠴᠢᠯᠠᠩ ᠳ᠋ᠤᠷ ᠬᠠᠮᠢᠭ᠎ᠠ ᠪᠣᠢ ᠃
ᠠᠯᠢ ᠰᠠᠢᠬᠠᠨ ᠡᠶᠡᠰᠬᠦᠯᠡᠩ ᠵᠡᠭᠦᠯᠭᠡᠨ ᠊ᠢ ᠡᠮᠦᠰᠬᠡᠨ ᠂
ᠠᠯᠢ ᠨᠢᠭᠡᠨ ᠰᠢᠮ᠎ᠡ ᠲᠡᠭᠦᠰ ᠠᠮᠲᠠᠲᠠᠨ ᠊ᠢ ᠢᠳᠡᠭᠦᠯᠦᠨ ᠂
ᠠᠯᠢ ᠨᠢᠭᠡᠨ ᠬᠠᠷᠰᠢᠯᠠᠯ ᠊ᠢ ᠠᠮᠢ ᠵᠢᠳᠬᠦᠨ ᠬᠠᠭᠠᠭᠴᠢ ᠂
ᠠᠪᠤ ᠶ᠋ᠢᠨ ᠮᠡᠲᠦ ᠠᠴᠢᠲᠠᠨ ᠣᠷᠴᠢᠯᠠᠩ ᠳ᠋ᠤᠷ ᠬᠠᠮᠢᠭ᠎ᠠ ᠪᠣᠢ ᠃
ᠠᠷᠠᠴᠢᠯᠠᠨ ᠲᠡᠤᠠᠬᠦᠢ ᠳ᠋ᠦ᠍ᠷ ᠡᠵᠢ ᠡᠷᠬᠢᠮ ᠪᠣᠯᠪᠠᠴᠤ ᠂
ᠠᠰᠠᠷᠠᠯᠲᠤ ᠰᠡᠳᠬᠢᠯ ᠢᠨᠤ ᠨᠢᠭᠡᠨ ᠢᠯᠭᠠᠯ ᠦᠭᠡᠢ ᠯᠡ ᠂
ᠠᠶ᠎ᠠ ᠭᠤᠷᠪᠠᠨ ᠡᠷᠳᠡᠨᠢ ᠮᠢᠨᠢ ᠮᠢᠨᠦ ᠪᠡᠶ᠎ᠡ ᠶ᠋ᠢ ᠪᠤᠲᠤᠪᠠᠯᠡ ᠂
ᠠᠰᠬᠠᠷᠠᠬᠤ ᠨᠢᠯᠪᠤᠰᠤ ᠮᠢᠨᠦ ᠪᠤᠯᠠᠭ ᠮᠡᠲᠦ ᠪᠠᠭᠤᠨ᠎ᠠ᠃
ᠲᠡᠶ᠋ᠢᠮᠦ ᠰᠠᠢᠬᠠᠨ ᠠᠴᠢᠯᠠᠯ ᠊ᠢ ᠪᠣᠳᠣᠬᠤ ᠦᠭᠡᠢ ᠮᠤᠩᠬᠠᠭ ᠦ᠋ᠳ ᠂
ᠲᠡᠭᠷᠢ ᠡᠴᠡ ᠭᠡᠨᠡᠳᠲᠡ ᠪᠡᠷ ᠤᠨᠠᠭᠰᠠᠨ ᠭᠡᠮᠡᠨ ᠰᠠᠨᠠᠪᠠ ᠤᠤ ᠂
ᠳᠡᠩᠰᠡᠯ ᠦᠭᠡᠢ ᠳᠤᠷ᠎ᠠ ᠴᠢᠨᠦ ᠡᠯ᠎ᠡ ᠲᠠᠯ᠎ᠠ ᠳ᠋ᠤ᠌ ᠬᠡᠲᠦᠷᠡᠪᠡᠯ ᠂
ᠲᠡᠭᠷᠢ ᠪᠤᠷᠬᠠᠨ ᠴᠠᠭᠠᠵᠠ ᠪᠠᠷ ᠲᠣᠷᠭᠠᠬᠤ ᠶ᠋ᠢ ᠮᠡᠳᠡᠨ᠎ᠡ ᠤᠤ ᠃
ᠨᠢᠭᠤᠪᠠᠴᠤ ᠢᠯᠡᠷᠡᠬᠦ ᠮᠤᠩᠬᠠᠭ ᠴᠥᠪ ᠦ᠋ᠨ ᠠᠶᠠᠰ ᠊ᠢ ᠂
ᠨᠢᠭᠦᠯ ᠳ᠋ᠡᠭᠡᠨ ᠴᠤᠯᠤᠶ᠋ᠢᠲᠠᠵᠤ ᠡᠷᠭᠢᠯᠲᠡ ᠦᠭᠡᠢ ᠮᠡᠲᠦ ᠰᠢᠭ ᠂
ᠨᠢᠭᠡᠨ ᠨᠠᠰᠤᠨ ᠳᠣᠷᠣᠶ᠋ᠢᠲᠠᠯ ᠢ᠋ᠶ᠋ᠠᠷ ᠲᠠᠷᠴᠢᠯᠠᠬᠤᠢ ᠶ᠋ᠢᠨ ᠳᠡᠭᠡᠷ᠎ᠡ ᠂
ᠨᠢᠯᠴᠢᠯᠡᠭᠴᠢ ᠲᠠᠮᠤ ᠶᠤᠭᠠᠨ ᠬᠢᠮᠳᠠ ᠪᠤᠰᠤ ᠶ᠋ᠢ ᠮᠡᠳᠡᠨ᠎ᠡ ᠤᠤ ᠃
ᠠᠪᠤ ᠡᠵᠢ ᠶ᠋ᠢᠨ ᠠᠴᠢᠯᠠᠯ ᠢ᠋ᠶ᠋ᠠᠷ ᠡᠷᠬᠡᠯᠡᠵᠦ ᠥᠰᠦᠭᠡᠳ ᠂
ᠠᠷᠪᠠᠨ ᠬᠡᠳᠦᠨ ᠨᠠᠰᠤᠨ ᠳᠡᠭᠡᠷ᠎ᠡ ᠭᠡᠷᠭᠡᠢ ᠠᠪᠴᠤ ᠳᠣᠬᠢᠭᠠᠭᠠᠳ ᠂
ᠠᠶᠤᠯᠲᠤ ᠰᠦᠷᠲᠦ ᠳᠦᠷᠢ ᠤᠯᠠᠮ ᠤᠯᠠᠮ ᠳᠡᠭᠳᠡᠭᠡᠳ ᠂
ᠠᠷᠭ᠎ᠠ ᠵᠠᠯᠢ ᠶ᠋ᠢᠨ ᠤᠲᠠᠰᠤᠨ ᠳ᠋ᠤᠷ ᠴᠢᠳᠥᠷᠯᠡᠭᠳᠡᠨ ᠴᠤᠮᠴᠠᠮᠤᠢ ᠃
ᠠᠴᠢᠯᠠᠯ ᠊ᠢ ᠬᠦᠨᠳᠦ ᠰᠠᠨᠠᠨ ᠬᠠᠷᠢᠭᠤᠯᠬᠤ ᠪᠠᠶ᠋ᠢᠲᠤᠭᠠᠢ ᠂
ᠠᠷᠭᠢᠵᠤ ᠵᠥᠨᠥᠭ ᠭᠡᠮᠡᠨ ᠳᠣᠷᠣᠮᠵᠢᠯᠠᠬᠤ ᠠᠵᠤᠭᠤ ᠂
ᠠᠶ᠎ᠠ ᠭᠤᠷᠪᠠᠨ ᠡᠷᠳᠡᠨᠢ ᠮᠢᠨᠢ ᠬᠥᠮᠦᠨ ᠭᠠᠮᠰᠢᠭ ᠲᠡᠭᠦᠨ ᠊ᠢ ᠂
ᠠᠶᠤᠯᠲᠤ ᠵᠣᠪᠠᠯᠠᠩ ᠊ᠢ ᠶᠠᠭᠠᠬᠢᠵᠤ ᠤᠷᠭᠢᠮᠤᠢ᠃
ᠲᠣᠯᠣᠭᠠᠢ ᠪᠠᠨ ᠮᠠᠲᠠᠰᠬᠢᠵᠦ ᠭᠡᠷ ᠦ᠋ᠨ ᠡᠵᠡᠨ ᠪᠣᠯᠬᠤᠯ᠎ᠠ ᠂
ᠲᠣᠷᠭ᠎ᠠ ᠬᠣᠷᠭᠣᠢ ᠰᠠᠢᠨ ᠤ᠋ ᠵᠦᠢᠯ ᠢ᠋ᠶ᠋ᠡᠷ ᠭᠡᠷᠭᠡᠢ ᠶᠦ᠍ᠭᠡᠨ ᠴᠢᠮᠡᠭᠡᠳ ᠂
ᠳᠤᠷᠠᠰᠬ᠎ᠠ ᠪᠠᠷ ᠡᠴᠢᠭᠡ ᠡᠬᠡ ᠶ᠋ᠢ ᠯᠠᠪᠰᠢᠭᠤᠯᠤᠨ ᠶᠠᠪᠤᠭᠴᠢ ᠂
ᠲᠣᠭ᠎ᠠ ᠦᠭᠡᠢ ᠡᠨᠡ ᠴᠠᠭ ᠤ᠋ᠨ ᠮᠤᠩᠬᠠᠭ ᠦ᠋ᠳ ᠦ᠋ᠨ ᠳᠦᠷᠢᠮ ᠪᠣᠢ᠃
ᠡᠷᠬᠡ ᠪᠠᠭᠠᠰ ᠲᠤᠬᠢᠨᠤᠭᠠᠳ ᠡᠵᠡᠨ ᠪᠣᠯᠪᠠ ᠤᠤ ᠬᠠᠶ᠋ᠢᠷᠠᠨ ᠂
ᠡᠮ᠎ᠡ ᠠᠪᠴᠤ ᠳᠠᠰᠤᠯᠴᠠᠭᠠᠳ ᠡᠷᠬᠢᠮ ᠪᠣᠯᠪᠠ ᠤᠤ ᠬᠠᠶ᠋ᠢᠷᠠᠨ ᠂
ᠡᠴᠢᠭᠡ ᠡᠬᠡ ᠬᠥᠭᠰᠢᠷᠡᠭᠡᠳ ᠬᠣᠶ᠋ᠢᠰᠢ ᠪᠣᠯᠪᠠ ᠤᠤ ᠬᠠᠶ᠋ᠢᠷᠠᠨ ᠂
ᠡᠷᠡᠰ ᠮᠡᠷᠭᠡᠨ ᠬᠡᠲᠦᠷᠡᠭᠡᠳ ᠮᠤᠩᠬᠠᠭ ᠪᠣᠯᠪᠠ ᠤᠤ ᠬᠠᠶ᠋ᠢᠷᠠᠨ ᠃
ᠦᠨᠡᠨ ᠠᠴᠢ ᠶ᠋ᠢᠨ ᠬᠠᠷᠢᠭᠤ ᠳ᠋ᠤᠷ ᠮᠠᠭᠤᠳᠬᠠᠬᠤᠢ ᠶ᠋ᠢᠨ ᠳᠡᠭᠡᠷ᠎ᠡ ᠂
ᠦᠭᠡ ᠤᠴᠢᠷ ᠬᠣᠪ ᠬᠤᠳᠠᠯ ᠬᠡᠷᠡᠭ ᠪᠣᠯᠭᠠᠨ ᠬᠡᠯᠡᠯᠴᠡᠭᠡᠳ ᠂
ᠥᠮᠴᠢ ᠰᠠᠯᠭᠠᠨ ᠡᠪ ᠊ᠢ ᠡᠪᠳᠡᠨ ᠭᠡᠷᠭᠡᠢ ᠶ᠋ᠢᠨ ᠳᠤᠷ᠎ᠠ ᠪᠠᠷ ᠪᠣᠯᠤᠭᠴᠢ᠂
ᠦᠨᠡᠨ ᠳ᠋ᠡᠭᠡᠨ ᠶᠠᠮᠪᠠᠷ ᠰᠣᠨᠢᠨ ᠮᠤᠬᠤᠷ ᠦᠭᠡᠢ ᠮᠤᠩᠬᠠᠭ ᠪᠣᠢ ᠃
ᠭᠡᠲᠦᠷᠬᠡᠶ᠋ᠢᠶ᠎ᠡ ᠠᠴᠢᠯᠠᠯ ᠊ᠢ ᠬᠦᠨᠳᠦ ᠰᠠᠨᠠᠬᠤ ᠪᠠᠶ᠋ᠢᠲᠤᠭᠠᠢ ᠂
ᠭᠡᠷ ᠦ᠋ᠨ ᠪᠣᠯᠬᠢ ᠮᠤᠬᠤᠷ ᠰᠣᠬᠣᠷ ᠮᠤᠨᠤᠭ ᠵᠥᠨᠥᠭ ᠬᠡᠮᠡᠯᠳᠦᠨ ᠂
ᠭᠡᠷᠭᠡᠢ ᠶᠦ᠍ᠭᠡᠨ ᠡᠷᠬᠢᠮᠯᠡᠵᠦ ᠢᠨᠠᠭ ᠠᠮᠠᠷᠠᠭ ᠪᠣᠯᠤᠯᠴᠠᠨ ᠂
ᠭᠡᠳᠡᠪᠡᠯᠵᠡᠨ ᠡᠷᠪᠡᠯᠵᠡᠵᠦ ᠭᠡᠷ ᠦ᠋ᠨ ᠡᠵᠡᠨ ᠬᠡᠮᠡᠮᠦᠢ᠃
ᠪᠠᠰᠠ ᠬᠠᠷᠢᠨ ᠲᠡᠭᠦᠨ ᠳᠡᠭᠡᠷ᠎ᠡ ᠮᠤᠩᠬᠠᠭ ᠲᠡᠨᠡᠭ ᠵᠠᠷᠢᠮ ᠦ᠋ᠳ ᠂
ᠪᠠᠯᠠᠢ ᠵᠥᠨᠥᠭ ᠡᠭᠦᠨ ᠡᠴᠡ ᠰᠠᠯᠤᠶ᠎ᠠ ᠭᠡᠮᠡᠨ ᠬᠡᠯᠡᠯᠴᠡᠨ ᠂
ᠪᠠᠭ᠎ᠠ ᠰᠠᠭ᠎ᠠ ᠶᠠᠭᠤᠨ ᠪᠦᠬᠦᠨ ᠊ᠢ ᠬᠡᠰᠡᠭ ᠪᠤᠰᠠᠭ ᠪᠣᠯᠭᠠᠭᠠᠳ ᠂
ᠪᠠᠭ᠎ᠠ ᠶᠡᠬᠡ ᠭᠡᠷ ᠭᠡᠮᠡᠨ ᠰᠣᠨᠢᠷᠬᠠᠳᠠᠭ ᠠᠵᠤᠭᠤ᠃
ᠲᠡᠭᠦᠨ ᠳᠡᠭᠡᠷ᠎ᠡ ᠪᠠᠰᠠ ᠬᠠᠷᠢᠨ ᠬᠥᠮᠦᠨ ᠭᠠᠮᠰᠢᠭ ᠵᠠᠷᠢᠮ ᠦ᠋ᠳ ᠂
ᠲᠡᠷᠰ ᠬᠠᠷᠰᠢ ᠬᠣᠪ ᠬᠤᠳᠠᠯ ᠦᠭᠡ ᠤᠴᠢᠷ ᠬᠥᠭᠡᠭᠡᠯᠳᠦᠨ ᠂
ᠲᠩᠷᠢ ᠪᠤᠷᠬᠠᠨ ᠦᠵᠡ ᠭᠡᠮᠡᠨ ᠬᠥᠪᠰᠥᠷ ᠳᠣᠭᠰᠢᠨ ᠵᠠᠩᠨᠠᠭᠠᠳ ᠂
ᠲᠡᠰᠬᠦ ᠪᠡᠷᠬᠡ ᠪᠢᠳᠡ ᠬᠣᠶᠠᠷ ᠬᠣᠯᠠ ᠰᠠᠯᠤᠶ᠎ᠠ ᠬᠡᠮᠡᠮᠦᠢ᠃
ᠡᠴᠢᠭᠡ ᠡᠬᠡ ᠠᠴᠢ ᠦᠷ᠎ᠡ ᠶ᠋ᠢ ᠬᠥᠮᠦᠨ ᠪᠣᠯᠬᠤ ᠶ᠋ᠢ ᠪᠣᠳᠣᠪᠠᠯ ᠂
ᠡᠷᠲᠡᠬᠡᠨ ᠡᠴᠡ ᠬᠠᠯᠠᠳᠠᠵᠤ ᠶᠣᠰᠣ ᠵᠢᠷᠤᠮ ᠰᠤᠷᠭᠠᠯᠲᠠᠢ ᠂
ᠡᠷᠬᠡ ᠬᠥᠪᠡᠭᠦᠨ ᠡᠯᠮᠡᠭᠰᠢᠵᠤ ᠣᠬᠢ ᠰᠠᠮᠠᠭᠤᠨ ᠪᠤᠯᠪᠠᠯ᠎ᠡ ᠂
ᠡᠲᠯᠡᠬᠦ ᠠᠷᠭ᠎ᠠ ᠮᠤᠬᠤᠷᠳᠠᠵᠤ ᠭᠠᠰᠠᠯᠠᠯᠴᠠᠬᠤ ᠪᠣᠯᠭᠤᠵᠠᠢ ᠃
ᠭᠠᠰᠠᠯᠪᠠᠴᠤ ᠬᠤᠴᠢᠳᠠᠭᠠᠳ ᠵᠣᠪᠠᠯᠠᠩ ᠪᠣᠯᠬᠤ ᠳᠡᠭᠡᠷ᠎ᠡ ᠂
ᠭᠠᠯ ᠤ᠋ᠨ ᠪᠣᠭᠣᠯ ᠭᠡᠷ ᠦ᠋ᠨ ᠠᠳᠠ ᠪᠣᠯᠬᠤ ᠣᠯᠠᠨ ᠪᠠᠶ᠋ᠢᠬᠤ ᠰᠢᠦ ᠂
ᠭᠠᠷᠰᠢᠯᠠᠯᠲᠠᠢ ᠬᠡᠷᠡᠭ ᠪᠢᠯᠡ ᠡᠴᠢᠭᠡ ᠡᠬᠡ ᠪᠣᠯᠤᠭᠴᠢᠳ ᠂
ᠭᠠᠷ ᠲᠤᠷ ᠪᠦᠬᠦᠢ ᠴᠠᠭ ᠳᠡᠭᠡᠷ᠎ᠡ ᠡᠶᠡᠯᠰᠡᠭ ᠨᠣᠮᠣᠬᠠᠨ ᠰᠤᠷᠭᠠᠯᠲᠠᠢ ᠃
ᠠᠪᠤ ᠡᠵᠢ ᠶ᠋ᠢᠨ ᠠᠮᠢᠳᠤ ᠳ᠋ᠤᠷ ᠬᠠᠯᠠ ᠪᠦᠬᠦᠨ ᠊ᠢ ᠦᠵᠡᠯᠲᠡᠢ ᠂
ᠠᠯᠤᠰ ᠲᠠᠭᠠᠨ ᠪᠦᠬᠦᠨ᠎ᠡ ᠬᠠᠶ᠋ᠢᠷᠠᠯᠠᠭᠳᠠᠵᠤ ᠵᠢᠷᠭᠠᠮᠤᠢ ᠂
ᠠᠬ᠎ᠠ ᠶᠡᠬᠡᠰ ᠦ᠋ᠨ ᠨᠢᠭᠤᠷ ᠳᠡᠭᠡᠷ᠎ᠡ ᠠᠰᠠᠷᠠᠯ ᠊ᠢ ᠬᠢᠴᠢᠶᠡᠯᠲᠡᠢ ᠂
ᠠᠰᠢᠳᠠ ᠪᠠᠷ ᠬᠡᠷᠰᠡᠤᠭᠦᠴᠢᠨ ᠶᠡᠬᠡ ᠭᠠᠵᠠᠷ ᠬᠥᠷᠥᠮᠦᠢ᠃
ᠪᠣᠳᠣᠯ ᠦᠭᠡᠢ ᠮᠢᠨᠦ ᠡᠨᠡ ᠴᠠᠯᠴᠢᠯᠠᠬᠰᠠᠨ ᠰᠢᠯᠦᠭ ᠊ᠢ ᠂
ᠪᠣᠭᠣᠯ ᠣᠯᠠᠨ ᠠᠷᠠᠳ ᠪᠦᠬᠦᠨ ᠰᠤᠷᠭᠠᠯ ᠪᠣᠯᠭᠠᠨ ᠬᠢᠴᠢᠶᠡ ᠂
ᠪᠤᠲᠤᠯᠠᠬᠰᠠᠨ ᠤᠳᠬ᠎ᠠ ᠠᠨᠤ ᠭᠦᠨ ᠪᠤᠰᠤ ᠪᠣᠯᠪᠠᠴᠤ ᠂
ᠪᠣᠳᠠᠲᠠᠶ᠎ᠠ ᠬᠢᠨᠠᠪᠠᠰᠤ ᠳᠡᠮᠡᠢ ᠮᠠᠭᠤ ᠦᠭᠡᠢ ᠪᠣᠢ᠃
ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠤᠤᠠᠬᠠᠨᠰᠤ᠎ᠡ
2023.4.19
