ᠬᠦᠨᠳᠦᠯᠡᠬᠦ ᠶᠣᠰᠣХүндлэх ёс ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠨᠳᠦᠯᠡᠬᠦ ᠶᠣᠰᠣХүндлэх ёс

ᠬᠦᠨᠳᠦᠯᠡᠬᠦ ᠶᠣᠰᠣХүндлэх ёс

ᠠᠩᠭᠢᠯᠠᠯ:ᠵᠠᠩ ᠦᠢᠯᠡ
2023-04-21

396

ᠬᠦᠨᠳᠦᠯᠡᠬᠦ ᠶᠣᠰᠣ

   ᠮᠣᠩᠭᠣᠯᠴᠤᠳ ᠣᠯᠠᠨ ᠰᠠᠢᠬᠠᠨ ᠬᠦᠨᠳᠦᠯᠡᠵᠦ ᠮᠡᠨᠳᠦᠯᠡᠬᠦ ᠶᠣᠰᠣ ᠵᠠᠩᠰᠢᠯ ᠲᠠᠢ ᠶᠤᠮ᠃

ᠡᠳᠦᠷ ᠲᠤᠲᠤᠮ ᠤ᠋ᠨ ᠠᠮᠢᠳᠤᠷᠠᠯ ᠳᠤᠮᠳᠠ ᠬᠥᠮᠦᠨ ᠊ᠢ ᠬᠦᠨᠳᠦᠳᠬᠡᠬᠦ ᠰᠡᠳᠬᠢᠯᠭᠡ ᠪᠡᠨ ᠢᠯᠡᠷᠡᠭᠦᠯᠬᠦ ᠳ᠋ᠦ᠍ ᠬᠣᠯᠪᠣᠭᠳᠠᠬᠤ ᠵᠠᠩᠰᠢᠯ ᠊ᠢ ᠬᠦᠨᠳᠦᠯᠡᠬᠦ ᠶᠣᠰᠣ ᠭᠡᠳᠡᠭ᠃

ᠡᠨᠡ ᠨᠢ ᠬᠥᠮᠦᠨ ᠳ᠋ᠦ᠍ ᠬᠠᠨᠳᠤᠬᠤ ᠣᠪᠣᠷ ᠂ ᠦᠭᠡ ᠶᠠᠷᠢᠶ᠎ᠠ ᠪᠣᠯᠤᠨ ᠦᠢᠯᠡ ᠬᠥᠳᠡᠯᠭᠡᠭᠡᠨ ᠵᠡᠷᠭᠡ ᠣᠯᠠᠨ ᠲᠠᠯ᠎ᠠ ᠪᠠᠷ ᠢᠯᠡᠷᠡᠳᠡᠭ᠃

ᠮᠣᠩᠭᠣᠯᠴᠤᠳ ᠬᠥᠮᠦᠨ ᠲᠡᠢ ᠬᠠᠷᠢᠯᠴᠠᠬᠤ ᠳ᠋ᠤ᠌ ᠪᠠᠨ ᠳᠠᠷᠤᠤ ᠬᠢᠴᠢᠶᠡᠩᠭᠦᠢ᠂ ᠲᠥᠪ ᠯᠠᠪᠳᠠᠭᠤᠨ ᠬᠠᠨᠳᠤᠬᠤ ᠶ᠋ᠢ ᠡᠷᠬᠢᠮᠯᠡᠳᠡᠭ᠃

   ᠮᠣᠩᠭᠣᠯᠴᠤᠳ ᠠᠬᠠᠮᠠᠳ ᠲᠣᠮᠣᠭᠠᠲᠠᠨ ᠊ᠢ ᠲᠠ ᠭᠡᠵᠦ ᠬᠦᠨᠳᠦᠯᠡᠨ ᠳᠠᠭᠤᠳᠠᠬᠤ ᠠ᠋ᠴᠠ ᠪᠢᠰᠢ᠂ ᠴᠢ ᠭᠡᠵᠦ ᠶᠡᠷᠦ ᠳᠠᠭᠤᠳᠠᠳᠠᠭ ᠦᠭᠡᠢ᠃ ᠵᠣᠭᠣᠭᠳᠠᠵᠤ ᠶᠠᠷᠢᠯᠴᠠᠬᠤ ᠳ᠋ᠤ᠌ ᠪᠠᠨ ᠬᠤᠷᠤᠭᠤ ᠪᠠᠨ ᠭᠣᠵᠣᠶ᠋ᠢᠯᠭᠠᠨ ᠵᠢᠭᠠᠵᠤ ᠲᠣᠬᠢᠬᠤ᠂ ᠭᠠᠷ ᠢ᠋ᠶ᠋ᠠᠨ ᠰᠠᠪᠠᠴᠢᠬᠤ᠂ ᠮᠥᠷᠥ ᠳᠠᠯᠤ ᠪᠠᠨ ᠬᠥᠳᠡᠯᠭᠡᠬᠦ᠂ ᠥᠨᠳᠥᠷ ᠳᠠᠭᠤᠨ ᠢ᠋ᠶ᠋ᠠᠷ ᠪᠠᠷᠬᠢᠷᠠᠬᠤ ᠵᠡᠷᠭᠡ ᠶ᠋ᠢ ᠴᠡᠭᠡᠷᠯᠡᠳᠡᠭ᠃

ᠠᠬᠠᠮᠠᠳ ᠨᠠᠰᠤᠲᠠᠨ᠂ ᠭᠡᠶ᠋ᠢᠴᠢᠨ ᠵᠣᠴᠢᠨ ᠤ᠋ ᠰᠠᠭᠤᠳᠠᠯ ᠤ᠋ᠨ ᠡᠮᠦᠨᠡᠭᠦᠷ ᠭᠠᠷᠬᠤ ᠶ᠋ᠢ ᠴᠡᠭᠡᠷᠯᠡᠵᠦ᠂ ᠵᠠᠪᠠᠯ ᠭᠠᠷᠬᠤ ᠴᠢᠬᠤᠯᠠ ᠲᠠᠢ ᠪᠣᠯ ᠤᠷᠢᠳ ᠢ᠋ᠶ᠋ᠠᠷ ᠮᠡᠳᠡᠭᠳᠡᠵᠦ ᠪᠠᠶ᠋ᠢᠭᠠᠳ ᠭᠠᠷᠳᠠᠭ᠃ 

   ᠤᠨᠤᠭ᠎ᠠ ᠬᠥᠰᠬᠡ ᠪᠡᠷ ᠶᠠᠪᠤᠵᠤ ᠪᠠᠶ᠋ᠢᠭ᠎ᠠ ᠠᠬᠠᠮᠠᠳ ᠨᠠᠰᠤᠲᠠᠨ ᠤ᠋ ᠤᠷᠳᠤᠭᠤᠷ ᠬᠥᠨᠳᠡᠯᠢᠳᠦᠨ ᠭᠠᠷᠬᠤ ᠶ᠋ᠢ ᠴᠡᠭᠡᠷᠯᠡᠳᠡᠭ᠃ ᠤᠨᠤᠭ᠎ᠠ ᠬᠥᠰᠬᠡ ᠪᠡᠷ ᠢᠷᠡᠭᠰᠡᠨ ᠵᠣᠴᠢᠨ ᠊ᠢ ᠰᠠᠢᠨ ᠶᠠᠪᠤᠵᠤ ᠢᠷᠡᠪᠡ ‍ᠦᠦ ? ᠭᠡᠵᠦ ᠮᠡᠨᠳᠦᠯᠡᠭᠡᠳ ᠲᠦᠰᠢᠵᠦ ᠪᠠᠭᠤᠯᠭᠠᠳᠠᠭ᠃ ᠵᠣᠴᠢᠨ ᠢ᠋ᠶ᠋ᠠᠨ ᠵᠠᠪᠠᠯ ᠬᠦᠷᠭᠡᠵᠦ ᠭᠠᠷᠳᠠᠭ᠃ ᠶᠠᠪᠤᠬᠤ ᠳ᠋ᠤ᠌ ᠨᠢ ᠠᠶᠠᠨ ᠳ᠋ᠤ᠌ ᠪᠠᠨ ᠮᠡᠨᠳᠦ ᠶᠠᠪᠤᠭᠠᠷᠠᠢ! ᠲᠠᠨ ᠤ᠋ ᠠᠶᠠᠨ ᠥᠯᠵᠡᠢ ᠲᠡᠢ ᠪᠣᠯᠲᠤᠭᠠᠢ! ᠭᠡᠵᠦ ᠵᠥᠩᠨᠡᠵᠦ ᠦᠳᠡᠳᠡᠭ᠃ ᠣᠯᠠᠭᠤᠯᠠ ᠠᠶ᠋ᠢᠯ ᠳ᠋ᠤ᠌ ᠣᠷᠣᠭᠰᠠᠨ ᠪᠣᠯ ᠨᠠᠰᠤᠨ ᠤ᠋ ᠳᠠᠷᠠᠭᠠᠯᠠᠯ ᠢ᠋ᠶ᠋ᠠᠷ ᠰᠠᠭᠤᠳᠠᠭ᠃ ᠠᠶ᠋ᠢᠯ ᠤ᠋ᠨ ᠭᠡᠷ ᠲᠦ᠍ ᠨᠠᠭᠠᠰᠢ ᠴᠠᠭᠠᠱᠢ ᠡᠷᠭᠢᠴᠡᠨ ᠬᠣᠯᠬᠢᠬᠤ ᠶ᠋ᠢ ᠴᠡᠭᠡᠷᠯᠡᠵᠦ᠂ ᠲᠥᠪ ᠯᠠᠪᠳᠠᠭᠤᠨ ᠰᠠᠭᠤᠬᠤ ᠶᠣᠰᠣ ᠲᠠᠢ᠃

   ᠠᠬᠠᠮᠠᠳ ᠲᠣᠮᠣᠭᠠᠲᠠᠨ ᠲᠠᠢ ᠨᠠᠭᠠᠳᠤᠮ ᠱᠣᠭ ᠬᠡᠯᠡᠯᠴᠡᠬᠦ᠂ ᠡᠯᠡᠭ ᠳᠣᠭᠣᠭᠢ ᠬᠢᠬᠦ᠂ ᠬᠣᠴᠢᠯᠠᠬᠤ ᠶ᠋ᠢ ᠴᠡᠭᠡᠷᠯᠡᠳᠡᠭ᠃ ᠠᠬᠠᠮᠠᠳ ᠨᠠᠰᠤᠲᠠᠨ ᠤ᠋ ᠮᠠᠯᠠᠭᠠᠢ ᠪᠠᠷ ᠨᠠᠭᠠᠳᠬᠤ᠂ ᠲᠣᠯᠣᠭᠠᠢ ᠳ᠋ᠤ᠌ ᠨᠢ ᠭᠠᠷ ᠬᠦᠷᠬᠦ ᠶ᠋ᠢ ᠴᠡᠭᠡᠷᠯᠡᠳᠡᠭ᠃

   ᠬᠥᠮᠦᠨ ᠦ᠌ ᠳᠡᠷᠭᠡᠳᠡ ᠭᠡᠭᠡᠷᠡᠬᠦ᠂ ᠡᠪᠰᠢᠶᠡᠬᠦ᠂ ᠰᠢᠲᠦ ᠪᠡᠨ ᠰᠢᠭᠢᠴᠢᠯᠡᠬᠦ᠂ ᠬᠠᠮᠠᠷ ᠢ᠋ᠶ᠋ᠠᠨ ᠮᠠᠯᠲᠠᠬᠤ᠂ ᠨᠢᠰᠦ ᠴᠠᠷ ᠢ᠋ᠶ᠋ᠠᠨ ᠬᠠᠶᠠᠬᠤ᠂ ᠢᠰᠬᠡᠷᠬᠦ᠂ ᠨᠢᠷᠤᠭᠤ ᠡᠭᠦᠷᠬᠦ ᠵᠡᠷᠭᠡ ᠶ᠋ᠢ ᠪᠣᠯᠪᠠᠰᠤᠨ ᠪᠤᠰᠤ ᠰᠤᠷᠲᠠᠯ ᠭᠡᠵᠦ ᠦᠵᠡᠳᠡᠭ᠃

   ᠬᠥᠮᠦᠨ ᠳ᠋ᠦ᠍ ᠶᠠᠭᠤᠮ᠎ᠠ ᠥᠭᠬᠦ ᠳ᠋ᠦ᠍ ᠪᠡᠨ ᠰᠢᠳᠡᠬᠦ᠂ ᠴᠢᠯᠠᠭᠤᠳᠠᠬᠤ ᠪᠤᠶᠤ ᠬᠥᠮᠦᠨ ᠦ᠌ ᠥᠭᠭᠦᠭᠰᠡᠨ ᠶᠠᠭᠤᠮ᠎ᠠ ᠶ᠋ᠢ ᠲᠤᠰᠬᠤ ᠳ᠋ᠤ᠌ ᠪᠠᠨ ᠬᠤᠷᠤᠭᠤ ᠪᠠᠷ ᠢ᠋ᠶ᠋ᠠᠨ ᠡᠯᠭᠦᠬᠦ᠂ ᠬᠠᠪᠴᠢᠬᠤ ᠪᠤᠶᠤ ᠰᠢᠭᠦᠷᠡᠵᠦ ᠠᠪᠬᠤ ᠵᠡᠷᠭᠡ ᠶ᠋ᠢ ᠪᠣᠯᠬᠢ ᠰᠤᠷᠲᠠᠯ ᠭᠡᠵᠦ ᠦᠵᠡᠳᠡᠭ᠃ ᠡᠶ᠋ᠢᠮᠦ ᠡᠴᠡ ᠬᠥᠮᠦᠨ ᠳ᠋ᠦ᠍ ᠶᠠᠭᠤᠮ᠎ᠠ ᠥᠭᠬᠦ ᠪᠤᠶᠤ ᠠᠪᠬᠤ ᠳ᠋ᠤ᠌ ᠪᠠᠨ ᠡᠷᠬᠡᠪᠰᠢ ᠬᠣᠶᠠᠷ ᠭᠠᠷ ᠢ᠋ᠶ᠋ᠠᠷ ᠢ᠋ᠶ᠋ᠠᠨ ᠪᠠᠷᠢᠵᠤ ᠥᠭᠬᠦ ᠪᠤᠶᠤ ᠲᠣᠰᠴᠤ ᠠᠪᠬᠤ ᠬᠡᠷᠡᠭᠲᠡᠢ᠃

ᠨᠣᠮ ᠪᠢᠴᠢᠭ ᠊ᠢ ᠬᠥᠮᠦᠨ ᠳ᠋ᠦ᠍ ᠥᠭᠬᠦ᠂ ᠤᠷᠢᠯᠭ᠎ᠠ ᠶ᠋ᠢᠨ ᠪᠢᠴᠢᠭ ᠪᠣᠯᠤᠨ ᠨᠡᠷ᠎ᠡ ᠶ᠋ᠢᠨ ᠬᠠᠭᠤᠳᠠᠰᠤ ᠵᠡᠷᠭᠡ ᠶ᠋ᠢ ᠭᠠᠷᠳᠠᠭᠤᠯᠬᠤ ᠳ᠋ᠤ᠌ ᠪᠠᠨ ᠲᠣᠯᠣᠭᠠᠢ ᠲᠠᠯ᠎ᠠ ᠶ᠋ᠢ ᠨᠢ ᠬᠦᠯᠢᠶᠡᠨ ᠠᠪᠴᠤ ᠪᠠᠶ᠋ᠢᠭ᠎ᠠ ᠬᠥᠮᠦᠨ ᠦ᠌ ᠥᠭᠡᠳᠡ ᠬᠠᠨᠳᠤᠭᠤᠯᠬᠤ ᠶ᠋ᠢ ᠴᠡᠭᠡᠷᠯᠡᠨ᠎ᠡ ᠃

 

   ᠦᠰᠦᠭ ᠠᠮᠢᠯᠠᠭᠤᠯᠤᠭᠴᠢ ᠄ ᠤᠶᠠᠬᠠᠨ

   ᠬᠢᠨᠠᠭᠴᠢ ᠄ ᠣᠤᠠᠬᠣᠩᠬᠤᠸᠠᠷ