ᠪᠡᠭᠡᠵᠢᠩ ᠯᠠᠮ᠎ᠠБээжин лам ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠡᠭᠡᠵᠢᠩ ᠯᠠᠮ᠎ᠠБээжин лам

ᠪᠡᠭᠡᠵᠢᠩ ᠯᠠᠮ᠎ᠠБээжин лам

2023-04-21

506

ᠪᠡᠭᠡᠵᠢᠩ ᠯᠠᠮ᠎ᠠ

ᠪᠤᠲᠠᠷᠠ ᠭᠠᠷᠬᠤ ᠲᠣᠭᠣᠰᠣ ᠨᠢ ᠬᠥ 
ᠪᠤᠭᠤᠷᠤᠯ ᠮᠣᠷᠢᠨ ᠤ᠋ ᠮᠢᠨᠢ ᠲᠣᠭᠣᠰᠣ ᠴᠤ᠌ ᠶᠤᠮ ‍ᠤᠤ ᠳᠠ ᠬᠥ ᠂ 
ᠪᠣᠰᠤᠭᠠᠳ ᠯᠠᠪᠯᠠᠭᠠᠳ ᠬᠠᠷᠠᠬᠤᠯᠠᠷ 
ᠪᠣᠳᠣᠯᠭᠠᠨ ᠤ᠋ ᠮᠢᠨᠢ ᠠᠮᠠᠷᠠᠭ ᠬᠦᠷᠦᠭᠡᠳ ᠢᠷᠡᠯ᠎ᠡ ᠴᠦ᠍ ᠶᠤᠮ ‍ᠦᠦ ᠳᠡ ᠬᠥ ᠃ 
ᠰᠠᠳᠠᠷᠠᠨ ᠭᠠᠷᠬᠤ ᠲᠣᠭᠣᠰᠣ ᠨᠢ ᠬᠥ 
ᠰᠠᠷᠠᠯ ᠮᠣᠷᠢᠨ ᠤ᠋ ᠮᠢᠨᠢ ᠲᠣᠭᠣᠰᠣ ᠴᠤ᠌ ᠶᠤᠮ ‍ᠤᠤ ᠳᠠ ᠬᠥ ᠂ 
ᠰᠠᠷᠠᠪᠴᠢᠯᠠᠨ ᠯᠠᠪᠯᠠᠨ ᠬᠠᠷᠠᠬᠤᠯᠠᠷ ᠬᠥ 
ᠰᠠᠨᠠᠭᠠᠨ ᠤ᠋ ᠮᠢᠨᠢ ᠠᠮᠠᠷᠠᠭ ᠬᠦᠷᠦᠭᠡᠳ ᠢᠷᠡᠯ᠎ᠡ ᠴᠦ᠍ ᠶᠤᠮ ‍ᠤᠤ ᠳᠠ ᠬᠥ ᠃ 
ᠥᠨᠳᠥᠷ ᠲᠡᠭᠷᠢ ᠳ᠋ᠡᠭᠡᠨ ᠲᠣᠭᠣᠰᠣ ᠨᠢ ᠬᠥ
ᠦᠷᠢᠶ᠎ᠡ ᠬᠦᠯᠦᠭ ᠮᠣᠷᠢᠨ ᠤ᠋ ᠲᠣᠭᠣᠰᠣ ᠴᠤ᠌ ᠶᠤᠮ ‍ᠤᠤ ᠳᠠ ᠬᠥ ᠂
ᠡᠷᠦᠬᠡ ᠭᠡᠷ ᠵᠦᠭ ᠮᠢᠨᠢ ᠥᠭᠡᠳᠡᠯᠡᠬᠦ ᠶ᠋ᠢ ᠦᠵᠡᠪᠡᠯ ᠬᠥ 
ᠥᠪᠡᠷ ᠦ᠋ᠨ ᠮᠢᠨᠢ ᠬᠣᠩᠭᠣᠷ ᠣᠳᠣ ᠢᠷᠡᠯ᠎ᠡ ᠴᠦ᠍ ᠶᠤᠮ ‍ᠦᠦ ᠳᠡ ᠬᠥ ᠃
ᠠᠭᠠᠷ ᠲᠩᠷᠢ ᠳ᠋ᠦ᠍ ᠲᠤᠯᠬᠤ ᠲᠣᠭᠣᠰᠣ ᠨᠢ ᠬᠥ
ᠠᠭᠲᠠ ᠬᠦᠯᠦᠭ ᠮᠣᠷᠢᠨ ᠤ᠋ ᠲᠣᠭᠣᠰᠣ ᠴᠤ᠌ ᠶᠤᠮ ‍ᠤᠤ ᠳᠠ ᠬᠥ ᠂
ᠠᠶ᠋ᠢᠯ ᠭᠡᠷ ᠊ᠢ ᠮᠢᠨᠢ ᠠᠰᠯᠠᠭᠠᠳ ᠢᠷᠡᠬᠦ ᠶ᠋ᠢ ᠨᠢ ᠦᠵᠡᠪᠡᠯ ᠬᠥ
ᠠᠯᠪᠠᠨ ᠳ᠋ᠤ᠌ ᠶᠠᠪᠤᠭᠰᠠᠨ ᠬᠣᠩᠭᠣᠷ ᠮᠢᠨᠢ ᠣᠳᠣ ᠢᠷᠡᠯ᠎ᠡ ᠴᠦ᠍ ᠶᠤᠮ ‍ᠤᠤ ᠳᠠ ᠬᠥ ᠃
ᠦᠷᠢᠶ᠎ᠡ ᠬᠦᠯᠦᠭ ᠮᠣᠷᠢᠨ ᠠ᠋ᠴᠠ ᠪᠠᠨ ᠦᠰᠦᠷᠦᠭᠡᠳ ᠪᠠᠭᠤᠯ᠎ᠠ ᠬᠥ
ᠥᠨᠳᠥᠷ ᠬᠠᠨᠴᠤᠢ ᠳᠠᠷᠤᠭᠠᠳ ᠠᠮᠤᠷ ᠮᠡᠨᠳᠦ ᠶ᠋ᠢ ᠠᠰᠠᠭᠤᠯ᠎ᠠ ᠬᠥ ᠂
ᠡᠷᠦᠬᠡ ᠭᠡᠷ ᠦ᠋ᠨ ᠥᠩᠭᠡᠯᠢᠭ ᠡᠭᠡᠴᠢ ᠲᠠᠨ ᠤ᠋ ᠪᠡᠶ᠎ᠡ ᠪᠣᠯᠣᠳ ᠬᠥ
ᠦᠷᠡᠵᠢᠯ ᠮᠠᠯ ᠪᠦᠬᠦᠨ ᠢ᠋ᠶ᠋ᠡᠷ ᠢ᠋ᠶ᠋ᠡᠨ ᠠᠮᠤᠭᠤᠯᠠᠩ ᠪᠠᠶ᠋ᠢᠨᠠᠤ ᠳᠠ ᠬᠥ ᠃
ᠠᠭᠲᠠ ᠬᠦᠯᠦᠭ ᠮᠣᠷᠢᠨ ᠠ᠋ᠴᠠ ᠪᠠᠨ ᠠᠯᠬᠤᠭᠠᠳ ᠪᠠᠭᠤᠯ᠎ᠠ ᠬᠥ
ᠠᠯᠠᠭ᠎ᠠ ᠪᠠᠨ ᠬᠠᠪᠰᠤᠷᠤᠭᠠᠳ ᠠᠮᠤᠷ ᠮᠡᠨᠳᠦ ᠶ᠋ᠢ ᠠᠰᠠᠭᠤᠯ᠎ᠠ ᠬᠥ ᠂
ᠠᠶ᠋ᠢᠯ ᠭᠡᠷ ᠦ᠋ᠨ ᠭᠤᠸᠠᠯᠢᠭ ᠡᠭᠡᠴᠢ ᠴᠢᠨᠦ ᠪᠡᠶ᠎ᠡ ᠪᠣᠯᠣᠳ ᠬᠥ
ᠠᠳᠤᠭᠤ ᠮᠠᠯ ᠪᠦᠬᠦᠨ ᠴᠢᠨᠢ ᠠᠮᠤᠭᠤᠯᠠᠩ ᠪᠠᠶ᠋ᠢᠨᠠᠤ ᠳᠠ ᠬᠥ ᠃
ᠠᠷᠪᠠᠨ ᠬᠣᠰᠢᠭᠤ ᠶ᠋ᠢ ᠠᠯᠤᠰᠯᠠᠨ ᠶᠠᠪᠤᠭᠰᠠᠭᠠᠷ ᠬᠥ
ᠠᠭᠲᠠ ᠬᠦᠯᠦᠭ ᠮᠣᠷᠢ ᠮᠢᠨᠢ ᠶᠠᠳᠠᠷᠠᠭᠰᠠᠨ ᠴᠤ᠌ ᠭᠡᠵᠢ ᠠ᠋ ᠬᠥ ᠂
ᠠᠶ᠋ᠢᠯ ᠭᠡᠷ ᠲᠦ᠍ ᠴᠢᠨᠢ ᠠᠷᠪᠢᠨ ᠬᠥᠮᠦᠨ ᠦᠭᠡᠢ ᠶᠦ᠍ᠮ ᠪᠣᠯ ᠬᠥ
ᠠᠭᠲᠠ ᠮᠣᠷᠢ ᠪᠠᠨ ᠠᠮᠠᠷᠠᠭᠠᠭᠠᠳ ᠬᠣᠨᠣᠭᠠᠳ ᠶᠠᠪᠤᠪᠠᠯ ᠪᠣᠯᠤᠨ᠎ᠠ ‍ᠤᠤ ᠬᠥ ᠃
ᠥᠷᠭᠡᠨ ᠵᠠᠮ ᠊ᠢ ᠡᠳᠦᠷ ᠪᠦᠷᠢ ᠬᠥᠭᠡᠭᠡᠵᠦ ᠶᠠᠪᠤᠭᠰᠠᠭᠠᠷ ᠬᠥ
ᠦᠷᠢᠶ᠎ᠡ ᠬᠦᠯᠦᠭ ᠮᠣᠷᠢ ᠮᠢᠨᠢ ᠶᠠᠳᠠᠷᠠᠭᠰᠠᠨ ᠴᠤ᠌ ᠭᠡᠵᠢ ᠠ᠋ ᠬᠥ ᠂
ᠡᠷᠦᠬᠡ ᠭᠡᠷ ᠲᠦ᠍ ᠴᠢᠨᠢ ᠥᠭᠡᠷ᠎ᠡ ᠬᠥᠮᠦᠨ ᠦᠭᠡᠢ ᠶᠦ᠍ᠮ ᠪᠣᠯ ᠬᠥ
ᠦᠷᠢᠶ᠎ᠡ ᠮᠣᠷᠢ ᠪᠠᠨ ᠠᠮᠠᠷᠠᠭᠠᠭᠠᠳ ᠥᠨᠵᠢᠭᠡᠳ ᠭᠠᠷᠪᠠᠯ ᠪᠣᠯᠤᠨ᠎ᠠ ‍ᠤᠤ ᠬᠥ ᠃
ᠦᠷᠢᠶ᠎ᠡ ᠬᠦᠯᠦᠭ ᠮᠣᠷᠢᠨ ᠤ᠋ ᠮᠢᠨᠢ ᠦᠰᠦᠷᠦᠭᠡᠳ ᠤᠨᠠᠬᠤ ᠶ᠋ᠢ ᠦᠵᠡᠪᠡᠯ ᠬᠥ
ᠥᠷᠭᠡᠨ ᠵᠠᠮ ᠤ᠋ᠨ ᠭᠣᠳᠣᠰ ᠴᠤ᠌ ᠥᠯᠵᠡᠢ ᠮᠠᠭᠤ ᠲᠠᠢ ᠪᠣᠯᠵᠠᠢ ᠬᠥ ᠂
ᠦᠵᠡᠬᠦ ᠨᠢᠳᠦᠨ ᠦ᠌ ᠵᠣᠪᠬᠢ ᠵᠢᠷᠪᠢᠰ ᠵᠢᠷᠪᠢᠰ ᠲᠠᠲᠠᠬᠤ ᠨᠢ ᠬᠥ
ᠥᠩᠭᠡᠯᠢᠭ ᠲᠥᠷᠥᠭᠰᠡᠨ ᠵᠢᠥᠶᠸᠷ ᠮᠢᠨᠢ ᠳᠠᠯᠠᠯᠵᠤ ᠪᠠᠶ᠋ᠢᠭ᠎ᠠ ᠴᠤ᠌ ᠶᠤᠮ ‍ᠤᠤ ᠬᠥ ᠃
ᠠᠭᠲᠠ ᠬᠦᠯᠦᠭ ᠮᠣᠷᠢᠨ ᠤ᠋ ᠮᠢᠨᠢ ᠠᠯᠬᠤᠵᠤ ᠪᠠᠶ᠋ᠢᠭᠠᠳ ᠤᠨᠠᠬᠤ ᠨᠢ ᠬᠥ
ᠠᠶᠠᠨ ᠵᠠᠮ ᠤ᠋ᠨ ᠭᠣᠳᠣᠰ ᠴᠤ᠌ ᠠᠶ᠎ᠠ ᠮᠠᠭᠤᠲᠠᠢ ᠪᠣᠯᠵᠠᠢ ᠬᠥ ᠂
ᠠᠯᠠᠭ ᠨᠢᠳᠦᠨ ᠦ᠌ ᠵᠣᠪᠬᠢ ᠵᠢᠷᠪᠢᠰ ᠵᠢᠷᠪᠢᠰ ᠲᠠᠲᠠᠬᠤ ᠨᠢ ᠬᠥ
ᠠᠮᠠᠷᠠᠭ ᠲᠥᠷᠥᠭᠰᠡᠨ ᠵᠢᠤᠶᠸᠷ ᠮᠢᠨᠢ ᠳᠤᠷᠠᠰᠴᠤ ᠪᠠᠶ᠋ᠢᠭ᠎ᠠ ᠴᠤ᠌ ᠶᠤᠮ ‍ᠤᠤ ᠬᠥ ᠃
ᠪᠠᠷᠠᠭᠤᠨ ᠬᠣᠶ᠋ᠢᠨ᠎ᠠ ᠠ᠋ᠴᠠ ᠡᠭᠦᠯᠡ ᠭᠠᠷᠤᠯ᠎ᠠ ᠬᠥ
ᠪᠣᠷᠣᠭᠠᠨ ᠣᠷᠣᠬᠤ ᠶ᠋ᠢᠨ ᠳᠣᠬᠢᠶ᠎ᠠ ᠴᠤ᠌ ᠶᠤᠮ ‍ᠤᠤ ᠳᠠ ᠬᠥ ᠂
ᠪᠠᠷᠠᠭᠤᠨ ᠨᠢᠳᠦᠨ ᠦ᠌ ᠳᠡᠭᠡᠷ᠎ᠡ ᠡᠴᠡ ᠵᠢᠷᠪᠢᠰ ᠵᠢᠷᠪᠢᠰ ᠳᠠᠲᠠᠯ᠎ᠠ ᠬᠥ
ᠪᠠᠭ᠎ᠠ ᠶ᠋ᠢᠨ ᠠᠮᠠᠷᠠᠭ ᠰᠡᠨᠶᠸ ᠮᠢᠨᠢ ᠬᠦᠷᠦᠭᠡᠳ ᠢᠷᠡᠯ᠎ᠡ ᠴᠦ᠍ ᠶᠤᠮ ‍ᠤᠤ ᠳᠠ ᠬᠥ ᠃
ᠵᠡᠭᠦᠨ ᠬᠣᠶ᠋ᠢᠨ᠎ᠠ ᠠ᠋ᠴᠠ ᠡᠭᠦᠯᠡ ᠭᠠᠷᠤᠯ᠎ᠠ ᠬᠥ
ᠵᠦᠰᠡᠷ᠎ᠡ ᠪᠣᠷᠣᠭᠠᠨ ᠣᠷᠣᠬᠤ ᠶ᠋ᠢᠨ ᠳᠣᠬᠢᠶ᠎ᠠ ᠴᠤ᠌ ᠶᠤᠮ ‍ᠤᠤ ᠳᠠ ᠬᠥ ᠂
ᠵᠡᠭᠦᠨ ᠨᠢᠳᠦᠨ ᠦ᠌ ᠳᠡᠭᠡᠷ᠎ᠡ ᠡᠴᠡ ᠵᠢᠷᠪᠢᠰ ᠵᠢᠷᠪᠢᠰ ᠳᠠᠲᠠᠯ᠎ᠠ ᠬᠥ
ᠵᠢᠷᠦᠬᠡᠨ ᠦ᠌ ᠠᠮᠠᠷᠠᠭ ᠰᠡᠨᠶᠸ ᠮᠢᠨᠢ ᠬᠦᠷᠦᠭᠡᠳ ᠢᠷᠡᠯ᠎ᠡ ᠴᠦ᠍ ᠶᠤᠮ ‍ᠤᠤ ᠳᠠ ᠬᠥ ᠃
ᠪᠤᠭᠤᠷᠤᠯ ᠮᠣᠷᠢ ᠴᠢᠨᠢ ᠬᠥᠯᠥᠰᠥ ᠲᠡᠢ ᠪᠠᠶ᠋ᠢᠨ᠎ᠠ ᠬᠥ
ᠪᠤᠯᠤᠩ ᠤ᠋ᠨ ᠠᠶ᠋ᠢᠯ ᠦ᠋ᠳ ᠢ᠋ᠶ᠋ᠡᠷ ᠪᠠᠭᠤᠵᠤ ᠪᠠᠶ᠋ᠢᠭᠠᠳ ᠢᠷᠡᠪᠡᠦ ᠳᠠ ᠬᠥ ᠂
ᠫᠤᠤ ᠶ᠋ᠢᠨ ᠴᠢᠨᠢ ᠡᠷᠭᠦᠭᠡᠪᠴᠢ ᠴᠢᠨᠢ ᠰᠢᠪ ᠰᠢᠨᠡᠬᠡᠨ ᠪᠠᠶ᠋ᠢᠨ᠎ᠠ ᠬᠥ
ᠪᠣᠯᠣᠮᠵᠢᠲᠠᠢ ᠰᠠᠶᠢᠬᠠᠨ ᠬᠡᠦᠬᠡᠨ ᠣᠶᠣᠵᠤ ᠯᠠ ᠴᠢᠮ᠎ᠠ ᠳ᠋ᠠᠭᠠᠨ ᠦᠭᠪᠡ ‍ᠤᠤ ᠳᠠ ᠬᠥ ᠃
ᠰᠠᠷᠠᠯ ᠮᠣᠷᠢ ᠴᠢᠨᠢ ᠬᠥᠯᠥᠰᠥ ᠲᠡᠢ ᠪᠠᠶ᠋ᠢᠨ᠎ᠠ ᠬᠥ
ᠰᠠᠭᠠᠬᠠᠯᠲᠠ ᠶ᠋ᠢᠨ ᠠᠶ᠋ᠢᠯ ᠢ᠋ᠶ᠋ᠠᠷ ᠬᠡᠰᠦᠵᠦ ᠪᠠᠶ᠋ᠢᠭᠠᠳ ᠢᠷᠡᠪᠡᠦ ᠬᠥ ᠂
ᠱᠠᠨᠵᠠᠨ ᠤ᠋ ᠴᠢᠨᠢ ᠭᠡᠷ ᠨᠢ ᠰᠢᠪ ᠰᠢᠨᠡᠬᠡᠨ ᠪᠠᠶ᠋ᠢᠨ᠎ᠠ ᠬᠥ
ᠰᠠᠢᠬᠠᠨ ᠬᠠᠨᠢᠯᠠᠭᠰᠠᠨ ᠬᠡᠦᠬᠡᠨ ᠣᠶᠣᠵᠤ ᠯᠠ ᠴᠢᠮ᠎ᠠ ᠳ᠋ᠠᠭᠠᠨ ᠦᠭᠪᠡ ‍ᠦᠦ ᠳᠡ ᠬᠥ ᠃
ᠪᠤᠭᠤᠷᠤᠯ ᠮᠣᠷᠢ ᠮᠢᠨᠢ ᠬᠥᠯᠥᠰᠥ ᠲᠡᠢ ᠪᠠᠶ᠋ᠢᠬᠤ ᠨᠢ ᠬᠥ
ᠪᠤᠲᠠᠨ ᠳ᠋ᠤ᠌ ᠪᠠᠶ᠋ᠢᠬᠰᠠᠨ ᠦᠨᠡᠭᠡ ᠶ᠋ᠢ ᠬᠥᠭᠡᠭᠡᠵᠦ ᠪᠠᠶ᠋ᠢᠭᠠᠳ ᠠᠩᠨᠠᠭᠰᠠᠨ ᠬᠥ ᠂
ᠫᠤᠤ ᠶ᠋ᠢᠨ ᠮᠢᠨᠢ ᠡᠷᠭᠦᠭᠡᠪᠴᠢ ᠰᠢᠪ ᠰᠢᠨᠡᠬᠡᠨ ᠪᠠᠶ᠋ᠢᠪᠠᠴᠤ ᠬᠥ
ᠪᠠᠭᠤᠯᠭᠠᠵᠤ ᠠᠪᠤᠭᠰᠠᠨ ᠮᠠᠨ ᠤ᠋ ᠮᠠᠭᠤ ᠡᠮ᠎ᠡ ᠣᠶᠣᠵᠤ ᠯᠠ ᠨᠠᠳᠠ ᠳ᠋ᠤ᠌ ᠦᠭᠭᠦᠭᠰᠡᠨ ᠶᠦ᠍ᠮ ᠬᠥ ᠃
ᠰᠠᠷᠠᠯ ᠮᠣᠷᠢ ᠮᠢᠨᠢ ᠬᠥᠯᠥᠰᠥ ᠲᠡᠢ ᠪᠠᠶ᠋ᠢᠬᠤ ᠨᠢ ᠬᠥ
ᠰᠢᠪᠠᠭ ᠲᠤ᠌ ᠪᠠᠶ᠋ᠢᠬᠰᠠᠨ ᠦᠨᠡᠭᠡ ᠶ᠋ᠢ ᠬᠥᠭᠡᠭᠡᠵᠦ ᠪᠠᠶ᠋ᠢᠭᠠᠳ ᠠᠩᠨᠠᠭᠰᠠᠨ ᠬᠥ ᠂
ᠱᠠᠨᠵᠠᠨ ᠤ᠋ ᠮᠢᠨᠢ ᠭᠡᠷ ᠰᠢᠪ ᠰᠢᠨᠡᠬᠡᠨ ᠪᠠᠶ᠋ᠢᠬᠤ ᠨᠢ ᠬᠥ
ᠰᠠᠭᠠᠲᠠᠭᠤᠯᠵᠤ ᠠᠪᠤᠭᠰᠠᠨ ᠮᠠᠨ ᠤ᠋ ᠮᠠᠭᠤ ᠡᠮ᠎ᠡ ᠣᠶᠣᠵᠤ ᠯᠠ ᠨᠠᠳᠠ ᠳ᠋ᠤ᠌ ᠦᠭᠭᠦᠭᠰᠡᠨ ᠶᠦ᠍ᠮ ᠬᠥ ᠃
ᠭᠣᠩᠭᠢᠨᠠᠭᠠᠳ ᠳᠤᠤᠭᠠᠷᠬᠤ ᠬᠤᠨ ᠭᠠᠯᠠᠭᠤᠨ ᠵᠤᠯᠵᠠᠭ᠎ᠠ ᠬᠥ
ᠬᠣᠶ᠋ᠢᠲᠤ ᠨᠠᠭᠤᠷ ᠤ᠋ᠨ ᠤᠰᠤᠨ ᠳ᠋ᠠᠭᠠᠨ ᠱᠤᠩᠪᠠᠬᠤ ᠦᠭᠡᠢ ᠭᠡᠵᠦ ᠪᠠᠶ᠋ᠢᠨᠠᠤ ᠳᠠ ᠬᠥ ᠂
ᠬᠣᠨᠣᠭ ᠲᠠᠭᠠᠨ ᠢᠷᠡᠳᠡᠭ ᠡᠸᠹᠦᠦ ᠰᠡᠨᠶᠸ ᠬᠥ
ᠬᠣᠩᠰᠢᠶᠠᠷ ᠢ᠋ᠶ᠋ᠠᠷ ᠢ᠋ᠶ᠋ᠠᠨ ᠬᠠᠭᠤᠷᠤᠭᠠᠳ ᠢᠷᠡᠬᠦ ᠪᠡᠨ ᠶᠡᠷᠦ ᠪᠠᠶ᠋ᠢᠯ᠎ᠠ ᠬᠥ ᠃
ᠱᠤᠩᠭᠢᠨᠠᠭᠠᠳ ᠳᠤᠤᠭᠠᠷᠬᠤ ᠰᠢᠪᠠᠭᠤ ᠭᠠᠯᠠᠭᠤᠨ ᠵᠤᠯᠵᠠᠭ᠎ᠠ ᠬᠥ
ᠱᠤᠩᠪᠠᠵᠤ ᠪᠠᠶ᠋ᠢᠭ᠎ᠠ ᠤᠰᠤᠨ ᠳ᠋ᠠᠭᠠᠨ ᠬᠣᠨᠣᠭᠯᠠᠬᠤ ᠦᠭᠡᠢ ᠭᠡᠵᠦ ᠪᠠᠶ᠋ᠢᠨᠠᠤ ᠳᠠ ᠬᠥ ᠂
ᠰᠢᠭᠤᠳ ᠮᠠᠨ ᠤ᠋ ᠳ᠋ᠤ᠌ ᠢᠷᠡᠭᠡᠳ ᠪᠠᠶ᠋ᠢᠲᠠᠭ ᠡᠸᠹᠦᠦ ᠰᠡᠨᠶᠸ ᠬᠥ
ᠱᠣᠭ ᠦᠭᠡ ᠪᠡᠷ ᠬᠠᠭᠤᠷᠤᠭᠠᠳ ᠢᠷᠡᠬᠦ ᠪᠡᠨ ᠶᠡᠷᠦ ᠪᠠᠶ᠋ᠢᠯ᠎ᠠ ᠬᠥ ᠃
ᠭᠤᠩᠭᠠᠨᠠᠭᠠᠳ ᠳᠤᠤᠭᠠᠷᠬᠤ ᠬᠤᠨ ᠭᠠᠯᠠᠭᠤᠨ ᠵᠤᠯᠵᠠᠭ᠎ᠠ ᠬᠥ
ᠬᠣᠶ᠋ᠢᠲᠤ ᠨᠠᠭᠤᠷ ᠤ᠋ᠨ ᠤᠰᠤᠨ ᠳ᠋ᠠᠭᠠᠨ ᠱᠤᠩᠪᠠᠬᠤ ᠪᠠᠷ ᠢ᠋ᠶ᠋ᠠᠨ ᠱᠤᠩᠪᠠᠨ᠎ᠠ ᠬᠥ
ᠬᠣᠨᠣᠭ ᠲᠠᠭᠠᠨ ᠢᠷᠡᠳᠡᠭ ᠡᠸᠹᠦᠦ ᠰᠡᠨᠶᠸ ᠬᠥ
ᠬᠣᠭᠣᠯᠠᠢ ᠳᠡᠭᠡᠷ᠎ᠡ ᠨᠢ ᠪᠣᠭᠣᠮ᠎ᠠ ᠭᠠᠷᠤᠭᠠᠳ ᠬᠣᠷᠣᠭᠳᠠᠬᠤ ᠭᠡᠮᠡᠨ ᠵᠡᠭᠦᠳᠦᠯᠡᠵᠡᠢ ᠬᠥ ᠃
ᠱᠤᠩᠭᠢᠨᠠᠭᠠᠳ ᠳᠤᠤᠭᠠᠷᠬᠤ ᠰᠢᠪᠠᠭᠤ ᠭᠠᠯᠠᠭᠤᠨ ᠵᠤᠯᠵᠠᠭ᠎ᠠ ᠬᠥ
ᠱᠤᠩᠪᠠᠵᠤ ᠪᠠᠶ᠋ᠢᠭ᠎ᠠ ᠤᠰᠤᠨ ᠳ᠋ᠠᠭᠠᠨ ᠬᠣᠨᠣᠭᠯᠠᠬᠤ ᠪᠠᠷ ᠢ᠋ᠶ᠋ᠠᠨ ᠬᠣᠨᠣᠭᠯᠠᠨ᠎ᠠ ᠬᠥ
ᠰᠢᠭᠤᠳ ᠢ᠋ᠶ᠋ᠠᠷ ᠢ᠋ᠶ᠋ᠠᠨ ᠢᠷᠡᠭᠡᠳ ᠪᠠᠶ᠋ᠢᠲᠠᠭ ᠡᠸᠹᠦᠦ ᠰᠡᠨᠶᠸ ᠬᠥ
ᠱᠣᠣᠭᠢᠨᠠᠭᠤᠷ ᠡᠪᠡᠳᠴᠢᠨ ᠣᠯᠤᠭᠠᠳ ᠰᠢᠭᠤᠳᠤᠷᠴᠤ ᠭᠡᠮᠡᠨ ᠵᠡᠭᠦᠳᠦᠯᠡᠵᠡᠢ ᠬᠥ ᠃
ᠤᠷᠢᠳᠤ ᠵᠠᠯᠠᠨ ᠳ᠋ᠤ᠌ ᠤᠶᠠᠭᠠᠲᠠᠢ ᠪᠠᠶ᠋ᠢᠬᠤ ᠬᠥ
ᠤᠨᠠᠭᠠᠨ ᠰᠠᠷᠠᠯ ᠮᠣᠷᠢ ᠬᠡᠨ ᠦ᠌ ᠭᠡᠭᠦᠦ ᠶ᠋ᠢᠨ ᠲᠥᠯ ᠪᠣᠢ ᠬᠥ ?
ᠤᠷᠲᠤ ᠬᠠᠨᠵᠤᠨ ᠳᠡᠭᠡᠷ᠎ᠡ ᠢᠷᠡᠭᠡᠳ ᠰᠠᠭᠤᠭᠰᠠᠨ ᠬᠥ
ᠣᠩᠬᠣᠷ ᠬᠠᠷ᠎ᠠ ᠬᠦᠦ ᠶ᠋ᠢᠨ ᠤᠭ ᠨᠡᠷ᠎ᠡ ᠴᠢᠨᠢ ᠬᠡᠨ ᠪᠣᠢ ᠬᠥ ?
ᠠᠷᠤ ᠵᠠᠯᠠᠨ ᠳ᠋ᠤ᠌ ᠤᠶᠠᠭᠠᠲᠠᠢ ᠪᠠᠶ᠋ᠢᠬᠤ ᠬᠥ
ᠠᠭᠰᠤᠮ ᠰᠠᠷᠠᠯ ᠬᠡᠨ ᠦ᠌ ᠭᠡᠭᠦᠦ ᠶ᠋ᠢᠨ ᠲᠥᠯ ᠪᠣᠢ ᠬᠥ ?
ᠠᠷᠤ ᠶ᠋ᠢᠨ ᠬᠠᠨᠵᠤᠨ ᠳᠡᠭᠡᠷ᠎ᠡ ᠢᠷᠡᠭᠡᠳ ᠰᠠᠭᠤᠭᠰᠠᠨ ᠬᠥ
ᠠᠲᠤᠭᠠᠷ ᠬᠠᠷ᠎ᠠ ᠬᠦᠦ ᠶ᠋ᠢᠨ ᠠᠯᠳᠠᠷ ᠨᠡᠷ᠎ᠡ ᠴᠢᠨᠢ ᠬᠡᠨ ᠪᠣᠢ ᠬᠥ ?
ᠤᠷᠲᠤ ᠵᠡᠯ᠎ᠡ ᠡᠴᠡ ᠤᠶᠠᠭᠠᠲᠠᠢ ᠪᠠᠶ᠋ᠢᠬᠤ ᠨᠢ ᠬᠥ
ᠤᠭ ᠲᠠᠢ ᠠᠶ᠋ᠢᠯ ᠤ᠋ᠨ ᠠᠳᠤᠭᠤᠨ ᠤ᠋ ᠲᠥᠯ ᠶᠦ᠍ᠮ ᠬᠥ ᠂
ᠤᠷᠲᠤ ᠬᠠᠨᠵᠤᠨ ᠳᠡᠭᠡᠷ᠎ᠡ ᠢᠷᠡᠭᠡᠳ ᠰᠠᠭᠤᠭᠰᠠᠨ ᠨᠢ ᠬᠥ
ᠢᠵᠠᠭᠤᠷ ᠲᠠᠢ ᠲᠥᠷᠥᠭᠰᠡᠨ ᠰᠡᠨᠶᠸ ᠨᠣᠶᠠᠨ ᠶᠤᠮ ᠬᠥ ᠃
ᠠᠷᠤ ᠶ᠋ᠢᠨ ᠵᠡᠯ᠎ᠡ ᠡᠴᠡ ᠤᠶᠠᠭᠠᠲᠠᠢ ᠪᠠᠶ᠋ᠢᠬᠤ ᠨᠢ ᠬᠥ
ᠠᠮᠪᠠᠨ ᠰᠦᠷᠦᠭ ᠦ᠋ᠨ ᠠᠳᠤᠭᠤᠨ ᠤ᠋ ᠲᠥᠯ ᠶᠦ᠍ᠮ ᠬᠥ ᠂
ᠠᠷᠤ ᠶ᠋ᠢᠨ ᠬᠠᠨᠵᠤᠨ ᠳᠡᠭᠡᠷ᠎ᠡ ᠢᠷᠡᠭᠡᠳ ᠰᠠᠭᠤᠳᠠᠭ ᠨᠢ ᠬᠥ
ᠠᠯᠪᠠ ᠬᠠᠤᠯᠢ ᠶ᠋ᠢ ᠪᠠᠷᠢᠭᠰᠠᠨ ᠰᠡᠨᠶᠸ ᠨᠣᠶᠠᠨ ᠶᠤᠮ ᠬᠥ ᠃
ᠤᠷᠲᠤ ᠬᠣᠷᠮᠣᠢ ᠰᠢᠲᠠᠨ᠎ᠠ ᠭᠡᠳᠡᠭ ᠴᠢᠨᠢ ᠬᠥ
ᠤᠲᠤᠭ᠎ᠠ ᠲᠠᠢ ᠠᠷᠭᠠᠯ ᠤ᠋ᠨ ᠬᠣᠣᠷ ᠪᠣᠯᠵᠠᠢ ᠬᠥ ᠂
ᠤᠷᠢᠬᠠᠨ ᠠ᠋ᠴᠠ ᠪᠠᠨ ᠠᠩᠭᠢᠵᠢᠷᠠᠨ᠎ᠠ ᠭᠡᠳᠡᠭ ᠬᠥ 
ᠣᠩᠬᠣᠷ ᠬᠠᠷ᠎ᠠ ᠬᠦᠦ ᠴᠢᠨᠦ ᠬᠣᠣᠷ ᠪᠣᠯᠵᠠᠢ ᠬᠥ ᠃
ᠠᠷᠤ ᠶ᠋ᠢᠨ ᠬᠣᠷᠮᠣᠢ ᠰᠢᠲᠠᠨ᠎ᠠ ᠭᠡᠳᠡᠭ ᠴᠢᠨᠢ ᠬᠥ
ᠠᠷᠭᠠᠯ ᠤ᠋ᠨ ᠭᠠᠯ ᠤ᠋ᠨ ᠬᠣᠣᠷ ᠪᠣᠯᠵᠠᠢ ᠬᠥ ᠂
ᠠᠮᠠᠷᠠᠭ ᠴᠢᠮ᠎ᠠ ᠠ᠋ᠴᠠ ᠪᠠᠨ ᠠᠩᠭᠢᠵᠢᠷᠠᠨ᠎ᠠ ᠭᠡᠳᠡᠭ ᠬᠥ
ᠠᠲᠤᠭᠠᠷ ᠬᠠᠷ᠎ᠠ ᠬᠦᠦ ᠴᠢᠨᠦ ᠬᠣᠣᠷ ᠪᠣᠯᠵᠠᠢ ᠬᠥ ᠃
ᠠᠯᠲᠠ ᠬᠦᠷᠬᠦ ᠦᠭᠡᠢ ᠮᠣᠭᠠᠢ ᠶ᠋ᠢᠨ ᠵᠤᠯᠵᠠᠭ᠎ᠠ ᠬᠥ
ᠠᠭᠠᠷ ᠤ᠋ᠨ ᠯᠤᠤ ᠲᠠᠢ ᠲᠡᠮᠡᠴᠡᠬᠦ ᠰᠠᠨᠠᠭ᠎ᠠ ᠲᠠᠢ ᠶᠠ ᠬᠥ ᠂
ᠠᠶᠠᠭ᠎ᠠ ᠪᠠᠨ ᠡᠪᠦᠷᠲᠦᠯᠡᠭᠡᠳ ᠠᠶ᠋ᠢᠯ ᠲᠣᠭᠣᠷᠢᠭᠰᠠᠨ ᠪᠠᠳᠢᠷᠴᠢᠨ ᠴᠢ ᠬᠥ
ᠠᠯᠢᠪᠠ ᠶ᠋ᠢ ᠪᠠᠷᠢᠭᠰᠠᠨ ᠰᠡᠨᠶᠸ ᠲᠡᠢ ᠮᠢᠨᠢ ᠬᠠᠷᠭᠤᠯᠳᠤᠬᠤ ᠰᠠᠨᠠᠭ᠎ᠠ ᠲᠠᠢ ᠶᠠ ᠬᠥ ᠃
ᠬᠤᠷᠤᠭᠤ ᠬᠦᠷᠬᠦ ᠦᠭᠡᠢ ᠮᠣᠭᠠᠢ ᠶ᠋ᠢᠨ ᠵᠤᠯᠵᠠᠭ᠎ᠠ ᠬᠥ
ᠬᠤᠷᠮᠤᠰᠲᠠ ᠶ᠋ᠢᠨ ᠯᠤᠤ ᠲᠠᠢ ᠬᠠᠯᠳᠠᠬᠤ ᠰᠠᠨᠠᠭ᠎ᠠ ᠲᠠᠢ ᠶᠠ ᠬᠥ ᠂
ᠬᠣᠰᠢᠭᠤ ᠶ᠋ᠢ ᠲᠣᠭᠣᠷᠢᠭᠰᠠᠨ ᠪᠠᠲᠠᠷᠴᠢᠨ ᠯᠠᠮᠠ ᠴᠢ ᠬᠥ
ᠬᠠᠤᠯᠢ ᠶ᠋ᠢ ᠪᠠᠷᠢᠭᠰᠠᠨ ᠰᠡᠨᠶᠸ ᠲᠡᠢ ᠮᠢᠨᠢ ᠬᠠᠷᠭᠤᠯᠳᠤᠬᠤ ᠰᠠᠨᠠᠭ᠎ᠠ ᠲᠠᠢ ᠶᠠ ᠬᠥ ᠃
ᠠᠯᠲᠠ ᠲᠠᠢ ᠮᠥᠩᠭᠥ ᠲᠡᠢ ᠮᠠᠨ ᠤ᠋ ᠨᠣᠶᠠᠨ ᠬᠥ
ᠠᠷᠠᠵᠠ ᠠᠷᠢᠬᠢ ᠪᠠᠨ ᠤᠤᠭᠤᠭᠠᠳ ᠠᠮᠤᠷ ᠮᠡᠨᠳᠦ ᠪᠡᠷ ᠵᠢᠷᠭᠠᠨ᠎ᠠ ᠬᠥ
ᠠᠷᠪᠠᠨ ᠬᠣᠰᠢᠭᠤ ᠲᠣᠭᠣᠷᠢᠭᠰᠠᠨ ᠪᠡᠭᠡᠵᠢᠩ ᠯᠠᠮᠠ ᠬᠥ
ᠠᠷᠪᠠᠨ ᠰᠠᠷ᠎ᠠ ᠶ᠋ᠢᠨ ᠲᠠᠬᠢᠶ᠎ᠠ ᠰᠢᠭ᠋ ᠬᠥᠯ ᠢ᠋ᠶ᠋ᠡᠨ ᠡᠷᠭᠦᠨ ᠵᠣᠭᠰᠣᠨ᠎ᠠ ᠃
ᠵᠣᠭᠣᠰ ᠲᠠᠢ ᠮᠥᠩᠭᠥ ᠲᠡᠢ ᠮᠠᠨ ᠤ᠋ ᠨᠣᠶᠠᠨ ᠬᠥ
ᠵᠣᠷᠢᠭ ᠢ᠋ᠶ᠋ᠠᠷ ᠢ᠋ᠶ᠋ᠠᠨ ᠰᠠᠭᠤᠭᠠᠳ ᠴᠡᠩᠭᠡᠯ ᠢ᠋ᠶ᠋ᠡᠨ ᠬᠢᠨ᠎ᠡ ᠬᠥ ᠂
ᠵᠣᠣ ᠶ᠋ᠢ ᠲᠣᠭᠣᠷᠢᠭᠰᠠᠨ ᠪᠡᠭᠡᠵᠢᠩ ᠯᠠᠮᠠ ᠬᠥ
ᠵᠢᠷᠭᠤᠭᠠᠨ ᠰᠠᠷ᠎ᠠ ᠶ᠋ᠢᠨ ᠨᠣᠬᠠᠢ ᠰᠢᠭ᠋ ᠬᠡᠯᠡ ᠪᠡᠨ ᠭᠠᠷᠭᠠᠨ ᠵᠣᠭᠰᠣᠨ᠎ᠠ ᠬᠥ ᠃
ᠪᠡᠭᠡᠵᠢᠩ ᠳ᠋ᠡᠭᠡᠨ ᠶᠠᠪᠤᠭᠠᠳ ᠢᠷᠡᠭ᠍ᠰᠡᠨ ᠮᠠᠨ ᠤ᠋ ᠳᠠᠶ᠋ᠢᠵᠢ ᠬᠥ
ᠪᠢᠯᠢᠭ ᠦ᠋ᠨ ᠭᠡᠷ ᠲᠡᠭᠡᠨ ᠢᠷᠡᠭᠡᠳ ᠠᠮᠤᠷ ᠮᠡᠨᠳᠦ ᠵᠢᠷᠭᠠᠨ᠎ᠠ ᠬᠥ ᠂
ᠡᠴᠢᠭᠡ ᠳᠡᠭᠡᠳᠦ ᠶ᠋ᠢᠨ ᠰᠠᠬᠢᠭᠤᠯᠰᠤᠨ ᠳ᠋ᠤ᠌ ᠮᠥᠷᠭᠥᠵᠦ ᠪᠠᠶ᠋ᠢᠬᠤ ᠲᠡᠷᠡ ᠬᠣᠶᠠᠷ ᠬᠥ
ᠡᠵᠢ ᠴᠦ᠍ ᠦᠭᠡᠢ ᠠᠪᠤ ᠴᠤ᠌ ᠦᠭᠡᠢ ᠬᠣᠯᠢᠮᠠᠴᠠᠭ᠎ᠠ ᠴᠤ᠌ ᠶᠤᠮ ‍ᠦᠦ ᠳᠡ ᠬᠥ ᠃
ᠠᠯᠪᠠᠨ ᠳ᠋ᠠᠭᠠᠨ ᠶᠠᠪᠤᠭᠠᠳ ᠢᠷᠡᠭ᠍ᠰᠡᠨ ᠮᠠᠨ ᠤ᠋ ᠳᠠᠶ᠋ᠢᠵᠢ ᠬᠥ
ᠠᠪᠠᠯᠢ ᠡᠬᠡᠨᠡᠷ ᠲᠡᠢ ᠪᠡᠨ ᠠᠮᠤᠷ ᠮᠡᠨᠳᠦ ᠵᠢᠷᠭᠠᠨ᠎ᠠ ᠬᠥ ᠂
ᠠᠪᠤ ᠳᠡᠭᠡᠳᠦ ᠶ᠋ᠢᠨ ᠰᠠᠬᠢᠭᠤᠯᠰᠤᠨ ᠳ᠋ᠤ᠌ ᠮᠥᠷᠭᠥᠵᠦ ᠪᠠᠶ᠋ᠢᠬᠤ ᠡᠨᠡ ᠬᠣᠶᠠᠷ ᠬᠥ
ᠠᠪᠤ ᠴᠤ᠌ ᠦᠭᠡᠢ ᠡᠵᠢ ᠴᠦ᠍ ᠦᠭᠡᠢ ᠬᠣᠯᠢᠮᠠᠴᠠᠭ᠎ᠠ ᠴᠤ᠌ ᠶᠤᠮ ‍ᠤᠤ ᠳᠠ ᠬᠥ ᠃
ᠪᠦᠯᠡᠵᠡᠭ ᠴᠦ᠍ ᠭᠡᠮᠡᠨ ᠪᠦᠯᠡᠵᠡᠭ ᠶᠦ᠍ᠮ ‍ᠦᠦ ᠳᠡ ᠬᠥ
ᠪᠡᠭᠡᠵᠢᠩ ᠬᠣᠲᠠ ᠶ᠋ᠢᠨ ᠪᠢᠳᠦᠷᠢᠶ᠎ᠡ ᠲᠡᠢ ᠰᠢᠵᠢᠷ ᠰᠢᠦ ᠬᠥ ᠂
ᠪᠡᠶ᠎ᠡ ᠪᠣᠯᠤᠨ ᠰᠡᠳᠬᠢᠯ ᠴᠢᠨᠢ ᠰᠡᠨᠶᠸ ᠨᠣᠶᠠᠨ ᠳᠡᠭᠡᠷ᠎ᠡ ᠪᠣᠯᠵᠠᠢ ᠬᠥ 
ᠪᠦᠯᠡᠵᠡᠭ ᠊ᠢ ᠮᠢᠨᠢ ᠡᠷᠭᠢᠭᠦᠯᠦᠭᠡᠳ ᠨᠠᠳᠠᠳᠤ ᠦᠭᠭᠦᠨᠡᠦ ᠬᠥ ?
ᠲᠣᠷᠭ᠎ᠠ ᠴᠤ᠌ ᠭᠡᠮᠡᠨ ᠲᠣᠷᠭ᠎ᠠ ᠶᠤᠮ ‍ᠦᠦ ᠳᠡ ᠬᠥ
ᠲᠣᠳᠣᠬᠠᠨ ᠬᠡ ᠲᠡᠢ ᠬᠠᠩᠪᠤ ᠯᠠ ᠲᠣᠷᠭ᠎ᠠ ᠶᠤᠮ ᠳᠠ ᠬᠥ ᠂
ᠳᠣᠲᠣᠷ ᠪᠣᠯᠤᠨ ᠰᠡᠳᠬᠢᠯ ᠴᠢᠨᠢ ᠰᠡᠨᠶᠸ ᠳᠡᠭᠡᠷ᠎ᠡ ᠪᠣᠯᠵᠠᠢ ᠬᠥ
ᠲᠣᠷᠭ᠎ᠠ ᠶᠢ ᠮᠢᠨᠢ ᠡᠷᠭᠢᠭᠦᠯᠦᠭᠡᠳ ᠨᠠᠳᠠᠳᠤ ᠦᠭᠭᠦᠨᠡᠦ ᠬᠥ ?
ᠭᠤᠲᠤᠯ ᠴᠤ᠌ ᠭᠡᠮᠡᠨ ᠭᠤᠲᠤᠯ ᠶᠤᠮ ‍ᠦᠦ ᠳᠡ ᠬᠥ
ᠭᠤᠷᠪᠠᠨ ᠬᠠᠪᠴᠢᠶᠠᠷᠢ ᠲᠠᠢ ᠵᠠᠩᠴᠢᠭᠦᠦ ᠭᠤᠲᠤᠯ ᠶᠤᠮ ᠳᠠ ᠬᠥ
ᠭᠣᠨᠢᠷᠬᠠᠭᠰᠠᠨ ᠰᠡᠳᠬᠢᠯ ᠴᠢᠨᠢ ᠰᠡᠨᠶᠸ ᠳᠡᠭᠡᠷ᠎ᠡ ᠪᠣᠯᠵᠠᠢ ᠬᠥ
ᠭᠤᠲᠤᠯ ᠊ᠢ ᠮᠢᠨᠢ ᠡᠷᠭᠢᠭᠦᠯᠦᠭᠡᠳ ᠨᠠᠳᠠᠳᠤ ᠦᠭᠭᠦᠨᠡᠦ ᠬᠥ ?
ᠠᠯᠴᠢᠭᠤᠷ ᠴᠤ᠌ ᠭᠡᠮᠡᠨ ᠠᠯᠴᠢᠭᠤᠷ ᠶᠤᠮ ‍ᠦᠦ ᠳᠡ ᠬᠥ
ᠠᠯᠲᠠᠨ ᠬᠡ ᠲᠡᠢ ᠠᠯᠴᠢᠭᠤᠷ ᠶᠤᠮ ᠳᠠ ᠬᠥ ᠂
ᠠᠭᠠᠰᠢ ᠪᠣᠯᠤᠨ ᠵᠠᠩ ᠴᠢᠨᠢ ᠰᠡᠨᠶᠸ ᠳᠡᠭᠡᠷ᠎ᠡ ᠪᠣᠯᠵᠠᠢ ᠬᠥ
ᠠᠯᠴᠢᠭᠤᠷ ᠊ᠢ ᠮᠢᠨᠢ ᠡᠷᠭᠢᠭᠦᠯᠦᠭᠡᠳ ᠨᠠᠳᠠᠳᠤ ᠦᠭᠭᠦᠨᠡᠦ ᠬᠥ ?
ᠡᠭᠡᠮᠦᠭ ᠴᠦ᠍ ᠭᠡᠮᠡᠨ ᠡᠭᠡᠮᠦᠭ ᠶᠦ᠍ᠮ ‍ᠦᠦ ᠳᠡ ᠬᠥ
ᠡᠵᠡᠨ ᠬᠣᠲᠠ ᠶ᠋ᠢᠨ ᠠᠯᠲᠠᠨ ᠰᠤᠪᠤᠳ ᠶᠤᠮ ᠳᠠ ᠬᠥ ᠂
ᠡᠯᠢᠭᠡ ᠪᠣᠯᠤᠨ ᠵᠢᠷᠦᠬᠡ ᠴᠢᠨᠢ ᠰᠡᠨᠶᠸ ᠳᠡᠭᠡᠷ᠎ᠡ ᠪᠣᠯᠵᠠᠢ ᠬᠥ
ᠡᠭᠡᠮᠦᠭ ᠊ᠢ ᠮᠢᠨᠢ ᠡᠷᠭᠢᠭᠦᠯᠦᠭᠡᠳ ᠨᠠᠳᠠᠳᠤ ᠦᠭᠭᠦᠨᠡᠦ ?
ᠪᠦᠯᠡᠵᠡᠭ ᠦᠭᠭᠦ ᠶ᠋ᠢᠨ ᠢ᠋ᠶ᠋ᠡᠨ ᠲᠡᠷᠡ ᠦᠶ᠎ᠡ ᠳ᠋ᠦ᠍ ᠲᠠ ᠮᠢᠨᠢ ᠬᠥ
ᠪᠡᠶ᠎ᠡ ᠪᠣᠯᠤᠨ ᠰᠡᠳᠬᠢᠯ ᠳ᠋ᠦ᠍ ᠮᠢᠨᠢ ᠳᠤᠷᠠᠯᠠᠵᠤ ᠪᠠᠶ᠋ᠢᠭᠠᠳ ᠦᠭᠭᠦᠭᠰᠡᠨ ᠪᠢᠵᠡ ᠬᠥ ᠂
ᠪᠦᠯᠡᠵᠡᠭ ᠢ᠋ᠶ᠋ᠡᠨ ᠪᠤᠴᠠᠭᠠᠭᠠᠳ ᠠᠪᠤᠶ᠎ᠠ ᠭᠡᠪᠡᠯ ᠬᠥ
ᠪᠡᠷᠭᠡᠨ ᠵᠠᠵᠢ ᠭᠡᠵᠦ ᠭᠤᠷᠪᠠ ᠮᠥᠷᠭᠥᠪᠡᠯ ᠥᠭᠭᠦᠶ᠎ᠡ ᠳᠡ ᠬᠥ ᠃
ᠲᠣᠷᠭ᠎ᠠ ᠥᠭᠬᠦ ᠶ᠋ᠢᠨ ᠢ᠋ᠶ᠋ᠡᠨ ᠲᠡᠷᠡ ᠦᠶ᠎ᠡ ᠳ᠋ᠦ᠍ ᠲᠠ ᠮᠢᠨᠢ ᠬᠥ
ᠳᠣᠲᠣᠷ ᠪᠣᠯᠤᠨ ᠰᠡᠳᠬᠢᠯ ᠳ᠋ᠦ᠍ ᠮᠢᠨᠢ ᠤᠨᠠᠵᠤ ᠪᠠᠶ᠋ᠢᠭᠠᠳ ᠥᠭᠭᠦᠭᠰᠡᠨ ᠪᠢᠵᠡ ᠬᠥ ᠂
ᠲᠣᠷᠭ᠎ᠠ ᠪᠠᠨ ᠪᠤᠴᠠᠭᠠᠭᠠᠳ ᠠᠪᠤᠶ᠎ᠠ ᠳᠠ ᠭᠡᠪᠡᠯ ᠬᠥ
ᠲᠣᠯᠣᠭᠠᠢ ᠪᠠᠨ ᠴᠣᠭᠣᠷᠣᠲᠠᠯ᠎ᠠ ᠮᠥᠷᠭᠥᠵᠦ ᠪᠠᠶ᠋ᠢᠭᠠᠳ ᠠᠪᠤᠭᠠᠷᠠᠢ ᠳᠠ ᠬᠥ ᠃
ᠳᠤᠷᠳᠤᠩ ᠥᠭᠬᠦ ᠶ᠋ᠢᠨ ᠢ᠋ᠶ᠋ᠡᠨ ᠲᠡᠷᠡ ᠦᠶ᠎ᠡ ᠳ᠋ᠦ᠍ ᠲᠠ ᠮᠢᠨᠢ ᠬᠥ
ᠳᠤᠷ᠎ᠠ ᠪᠣᠯᠤᠨ ᠰᠡᠳᠬᠢᠯ ᠳ᠋ᠦ᠍ ᠮᠢᠨᠢ ᠤᠨᠠᠵᠤ ᠪᠠᠶ᠋ᠢᠭᠠᠳ ᠥᠭᠭᠦᠭᠰᠡᠨ ᠪᠢᠵᠡ ᠬᠥ ᠂
ᠳᠤᠷᠳᠤᠩ ᠊ᠢ ᠪᠡᠨ ᠪᠤᠴᠠᠭᠠᠭᠠᠳ ᠠᠪᠤᠶ᠎ᠠ ᠭᠡᠪᠡᠯ ᠬᠥ
ᠳᠤᠬᠤ ᠪᠠᠨ ᠴᠣᠭᠣᠷᠣᠲᠠᠯ᠎ᠠ ᠮᠥᠷᠭᠥᠵᠦ ᠪᠠᠶ᠋ᠢᠭᠠᠳ ᠠᠪᠤᠭᠠᠷᠠᠢ ᠳᠠ ᠬᠥ ᠃
ᠭᠤᠲᠤᠯ ᠥᠭᠬᠦ ᠶ᠋ᠢᠨ ᠢ᠋ᠶ᠋ᠡᠨ ᠲᠡᠷᠡ ᠦᠶ᠎ᠡ ᠳ᠋ᠦ᠍ ᠲᠠ ᠮᠢᠨᠢ ᠬᠥ
ᠭᠤᠨᠢᠷᠬᠠᠭᠰᠠᠨ ᠰᠡᠳᠬᠢᠯ ᠳ᠋ᠦ᠍ ᠮᠢᠨᠢ ᠤᠨᠠᠵᠤ ᠪᠠᠶ᠋ᠢᠭᠠᠳ ᠥᠭᠭᠦᠭᠰᠡᠨ ᠪᠢᠵᠡ ᠬᠥ ᠂
ᠭᠤᠲᠤᠯ ᠢ᠋ᠶ᠋ᠠᠨ ᠪᠤᠴᠠᠭᠠᠭᠠᠳ ᠠᠪᠤᠶ᠎ᠠ ᠭᠡᠪᠡᠯ ᠬᠥ
ᠭᠤᠳᠤᠮᠵᠢᠨ ᠳᠤᠮᠳᠠ ᠭᠤᠷᠪᠠ ᠮᠥᠷᠭᠥᠭᠡᠳ ᠠᠪᠤᠭᠠᠷᠠᠢ ᠳᠠ ᠬᠥ ᠃
ᠠᠯᠴᠢᠭᠤᠷ ᠥᠭᠬᠦ ᠶ᠋ᠢᠨ ᠢ᠋ᠶ᠋ᠡᠨ ᠲᠡᠷᠡ ᠦᠶ᠎ᠡ ᠳ᠋ᠦ᠍ ᠲᠠ ᠮᠢᠨᠢ ᠬᠥ
ᠠᠭᠠᠰᠢ ᠪᠣᠯᠤᠨ ᠰᠡᠳᠬᠢᠯ ᠳ᠋ᠦ᠍ ᠮᠢᠨᠢ ᠳᠤᠷᠠᠯᠠᠵᠤ ᠪᠠᠶ᠋ᠢᠭᠠᠳ ᠥᠭᠭᠦᠭᠰᠡᠨ ᠪᠢᠵᠡ ᠬᠥ ᠂
ᠠᠯᠴᠢᠭᠤᠷ ᠢ᠋ᠶ᠋ᠠᠨ ᠪᠤᠴᠠᠭᠠᠭᠠᠳ ᠠᠪᠤᠶ᠎ᠠ ᠭᠡᠪᠡᠯ ᠬᠥ
ᠠᠴᠢᠲᠠᠢ ᠪᠡᠷᠭᠡᠨ ᠭᠡᠵᠦ ᠭᠤᠷᠪᠠ ᠮᠥᠷᠭᠥᠪᠡᠯ ᠥᠭᠭᠦᠶ᠎ᠡ ᠳᠡ ᠬᠥ ᠃
ᠡᠭᠡᠮᠦᠭ ᠥᠭᠬᠦ ᠶ᠋ᠢᠨ ᠢ᠋ᠶ᠋ᠡᠨ ᠲᠡᠷᠡ ᠦᠶ᠎ᠡ ᠳ᠋ᠦ᠍ ᠲᠠ ᠮᠢᠨᠢ ᠬᠥ
ᠡᠯᠢᠭᠡ ᠪᠣᠯᠤᠨ ᠵᠢᠷᠦᠬᠡᠨ ᠳ᠋ᠦ᠍ ᠮᠢᠨᠢ ᠤᠨᠠᠵᠤ ᠪᠠᠶ᠋ᠢᠭᠠᠳ ᠥᠭᠭᠦᠭᠰᠡᠨ ᠪᠢᠯᠡ ᠬᠥ ᠂
ᠡᠭᠡᠮᠦᠭ ᠢ᠋ᠶ᠋ᠡᠨ ᠪᠤᠴᠠᠭᠠᠭᠠᠳ ᠠᠪᠤᠶ᠎ᠠ ᠭᠡᠪᠡᠯ ᠬᠥ
ᠡᠷᠬᠢᠮ ᠨᠠᠶ᠋ᠢᠨᠠᠢ ᠭᠡᠳ ᠭᠤᠷᠪᠠ ᠮᠥᠷᠭᠥᠪᠡᠯ ᠥᠭᠭᠦᠶ᠎ᠡ ᠳᠡ ᠬᠥ ᠃
ᠵᠠᠮ ᠳ᠋ᠠᠭᠠᠨ ᠮᠡᠨᠳᠦ ᠰᠠᠶᠢᠬᠠᠨ ᠶᠠᠪᠤᠭᠠᠷᠠᠢ ᠮᠠᠮᠠ ᠬᠥ
ᠵᠠᠩ ᠰᠠᠶ᠋ᠢᠲᠠᠢ ᠠᠪᠠᠭᠠᠢ ᠬᠡᠦᠬᠡᠨ ᠳ᠋ᠦ᠍ ᠳᠠᠬᠢᠭᠠᠳ ᠪᠤᠤ ᠬᠠᠭᠤᠷᠲᠠᠭᠠᠷᠠᠢ ᠬᠥ ᠂
ᠽᠠᠩᠯᠤᠪ ᠲᠠᠢ ᠣᠷᠣᠨ ᠳ᠋ᠤ᠌ ᠣᠴᠢᠭᠠᠳ ᠣᠷᠣᠰᠢᠨ ᠰᠠᠭᠤᠵᠤ ᠴᠢᠳᠠᠪᠠᠯ ᠬᠥ
ᠵᠠᠩᠱᠠᠩᠪᠠᠯᠨ ᠳ᠋ᠤ᠌ ᠲᠥᠷᠥᠬᠦ ᠴᠢᠨᠢ ᠰᠠᠨᠠᠭᠠᠨ ᠤ᠋ ᠪᠢᠰᠢᠦ ᠮᠠᠮᠠ ᠬᠥ ᠃
ᠠᠮᠤᠷᠬᠠᠨ ᠮᠡᠨᠳᠦ ᠶᠠᠪᠤᠭᠠᠷᠠᠢ ᠮᠠᠮᠠ ᠬᠥ
ᠠᠭᠠᠰᠢ ᠰᠠᠶ᠋ᠢᠲᠠᠢ ᠠᠪᠠᠭᠠᠢ ᠬᠡᠦᠬᠡᠨ ᠳ᠋ᠦ᠍ ᠳᠠᠬᠢᠭᠠᠳ ᠪᠤᠤ ᠬᠠᠭᠤᠷᠲᠠᠭᠠᠷᠠᠢ ᠬᠥ ᠂
ᠠᠪᠤᠷᠠᠯ ᠲᠠᠢ ᠣᠷᠣᠨ ᠳ᠋ᠤ᠌ ᠣᠴᠢᠭᠠᠳ ᠣᠷᠣᠰᠢᠨ ᠰᠠᠭᠤᠵᠤ ᠴᠢᠳᠠᠪᠠᠯ ᠬᠥ
ᠠᠭᠢᠭᠠᠳ ᠲᠥᠷᠥᠬᠦ ᠴᠢᠨᠢ ᠰᠠᠨᠠᠭᠠᠨ ᠤ᠋ ᠪᠢᠰᠢᠦ ᠮᠠᠮᠠ ᠬᠥ ᠃
ᠥᠭᠦᠯᠡᠭᠡᠳ ᠬᠡᠯᠡᠬᠦ ᠶ᠋ᠢ ᠴᠢᠨᠢ ᠦᠵᠡᠪᠡᠯ ᠳᠡᠭᠦᠦ ᠮᠢᠨᠢ ᠬᠥ
ᠡᠭᠦᠯᠡᠨ ᠡᠴᠡ ᠪᠠᠭᠤᠭᠰᠠᠨ ᠳ᠋ᠠᠷ᠎ᠠ ᠡᠬᠡ ᠪᠢᠰᠢ ᠪᠣᠯ ᠳᠠᠭᠢᠨᠢ ᠳᠠ ᠬᠥ ᠂
ᠦᠨᠡᠬᠡᠷ ᠴᠢᠨᠦ ᠮᠠᠭᠤ ᠶ᠋ᠢ ᠪᠣᠳᠣᠭᠠᠳ ᠦᠵᠡᠪᠡᠯ ᠬᠥ
ᠦᠨᠡᠭᠡᠨ ᠰᠢᠮᠨᠤ ᠲᠠᠤᠯᠠᠢ ᠶ᠋ᠢᠨ ᠰᠢᠮᠨᠤ ᠠ᠋ᠴᠠ ᠥᠭᠡᠷ᠎ᠡ ᠴᠦ᠍ ᠦᠭᠡᠢ ᠲᠥᠷᠥᠵᠡᠢ ᠬᠥ ᠃
ᠠᠮᠠᠯᠠᠭᠠᠳ ᠬᠡᠯᠡᠬᠦ ᠶ᠋ᠢ ᠴᠢᠨᠢ ᠰᠣᠨᠣᠰᠪᠠᠯ ᠳᠡᠭᠦᠦ ᠮᠢᠨᠢ ᠬᠥ
ᠠᠭᠠᠷ ᠠ᠋ᠴᠠ ᠪᠠᠭᠤᠭᠰᠠᠨ ᠳ᠋ᠠᠷ᠎ᠠ ᠡᠬᠡ ᠪᠢᠰᠢ ᠪᠣᠯ ᠳᠠᠭᠢᠨᠢ ᠳᠠ ᠬᠥ ᠂
ᠠᠶ᠋ᠢᠬᠤᠪᠲᠤᠷ ᠴᠢᠨᠦ ᠮᠠᠭᠤ ᠶ᠋ᠢ ᠪᠣᠳᠣᠭᠠᠳ ᠦᠵᠡᠪᠡᠯ ᠬᠥ ᠂
ᠠᠯᠠᠭ ᠬᠢᠴᠢ ᠠᠭᠠᠯᠵᠢᠨ ᠰᠢᠮᠨᠤ ᠠ᠋ᠴᠠ ᠥᠭᠡᠷ᠎ᠡ ᠴᠦ᠍ ᠦᠭᠡᠢ ᠲᠥᠷᠥᠵᠡᠢ ᠬᠥ ᠃

ᠦᠰᠦᠭ ᠠᠮᠢᠯᠠᠭᠤᠯᠤᠭᠴᠢ ᠄ ᠱᠠᠭᠰᠠᠯ
ᠬᠢᠨᠠᠭᠴᠢ ᠄ ᠣᠳᠬᠠᠨᠰᠸ᠎ᠠ