ᠲᠡᠷᠡ ᠵᠦᠭ ᠤᠨ ᠲᠩᠷᠢ - ᠭᠣᠮᠪᠣᠵᠠᠪ Тэр зүгийн тэнгэр - Гомбожав
ᠲᠡᠷᠡ ᠵᠦᠭ ᠤᠨ ᠲᠩᠷᠢ
ᠲ ᠂ ᠭᠣᠮᠪᠣᠵᠠᠪ
ᠲᠡᠷᠡ ᠵᠦᠭ ᠦ᠋ᠨ ᠲᠩᠷᠢ
ᠲᠡᠷᠡ ᠵᠦᠭ ᠦ᠋ᠨ ᠲᠩᠷᠢ ᠮᠢᠨᠦ ᠭᠤᠨᠢᠬ ᠪᠠᠶ᠋ᠢᠨᠠᠮ
ᠲᠡᠷᠡᠬᠦ ᠣᠷᠣᠨ ᠵᠠᠢ ᠲᠠᠢ
ᠪᠢ ᠬᠣᠯᠠ ᠪᠠᠶ᠋ᠢᠨᠠᠮ ᠪᠣᠲᠣᠯ ᠣᠶ᠋ᠢᠷ᠎ᠠ ᠪᠠᠶ᠋ᠢᠨᠠᠮ
ᠲᠡᠨᠲᠡ ᠡᠴᠡ ᠮᠠᠨᠲᠤᠬᠤ ᠨᠠᠷᠠ ᠶ᠋ᠢ
ᠮᠢᠨᠦ ᠰᠡᠤᠠᠬᠢᠯ ᠤᠬᠢᠯᠠᠭᠰᠠᠨ ᠤᠯᠠᠭᠠᠨ ᠨᠢᠲᠦ ᠭᠡᠵᠦ ᠤᠩᠰᠢᠨ᠎ᠠ
ᠲᠡᠭᠦᠨ ᠪ ᠨᠢᠯᠪᠤᠰᠤᠨ ᠳ᠋ᠤ᠌ ᠂ ᠮᠢᠨᠦ ᠳᠡᠯᠡᠬᠡᠢ ᠴᠠᠭ ᠲᠠᠢ ᠬᠠᠮᠲᠤ ᠳᠡᠪᠲᠦᠨᠡ ᠃
ᠲᠡᠨᠲᠡ ᠡᠴᠡ ᠦᠯᠢᠶᠡᠬᠦ ᠰᠠᠯᠬᠢᠨ ᠊ᠢ
ᠮᠢᠨᠦ ᠨᠢᠲᠦ ᠂ ᠬᠦᠰᠡᠷᠳᠡᠭᠰᠡᠨ ᠬᠦᠢᠲᠡᠨ ᠰᠡᠭᠦᠷᠡᠰᠦ ᠭᠡᠵᠦ ᠠᠪᠢᠶᠠᠯᠠᠨ᠎ᠠ
ᠲᠡᠷᠡ ᠰᠢᠭᠤᠷᠭᠠᠨ ᠳ᠋ᠤ᠌ ᠂ ᠮᠢᠨᠦ ᠰᠡᠤᠠᠬᠢᠯ ᠮᠣᠲᠣ ᠲᠠᠢ ᠬᠠᠮᠲᠤ ᠱᠤᠤᠭᠢᠨ᠎ᠠ
ᠲᠡᠨᠲᠡ ᠡᠴᠡ ᠳᠡᠭᠳᠡᠬᠦ ᠰᠠᠷ᠎ᠠ ᠶ᠋ᠢ
ᠮᠢᠨᠦ ᠪᠣᠲᠣᠯ ᠂ ᠬᠣᠯᠠ ᠶ᠋ᠢᠨ ᠲᠡᠷᠭᠡᠯ ᠬᠦᠰᠡᠯ ᠭᠡᠵᠦ ᠲᠠᠨᠢᠨ᠎ᠠ
ᠲᠡᠭᠦᠨ ᠪ ᠰᠦᠨ ᠳ᠋ᠤ᠌ ᠂ ᠮᠢᠨᠦ ᠬᠠᠶ᠋ᠢᠷ᠎ᠠ ᠮᠠᠷᠭᠠᠰᠢ ᠲᠠᠢ ᠬᠠᠮᠲᠤ ᠪᠥᠢᠵᠢᠨᠠ
ᠲᠡᠷᠡ ᠵᠦᠭ ᠦ᠋ᠨ ᠲᠩᠷᠢ ᠭᠤᠨᠢᠬ ᠪᠠᠶ᠋ᠢᠨᠠᠮ ᠲᠡᠷᠡᠬᠦ ᠣᠷᠣᠨ ᠵᠠᠢ
ᠮᠢᠨᠦ ᠨᠤᠲᠤᠭ ᠪᠠᠶ᠋ᠢᠨᠠᠮ ᠮᠢᠨᠦ ᠮᠥᠷᠥᠭᠡᠲᠦᠯ ᠪᠠᠶ᠋ᠢᠨᠠᠮ
ᠪᠢᠲᠡᠭᠦᠨ
ᠪᠢᠯᠢᠭ ᠦ᠋ᠨ ᠤᠯᠠᠷᠢᠯ ᠦ᠋ᠨ ᠯᠠ ᠰᠠᠷ᠎ᠠ ᠶ᠋ᠢᠨ ᠭᠤᠴᠢᠨ
ᠪᠢᠲᠡᠨ ᠪ ᠡᠨᠡ ᠳᠡᠯᠡᠬᠡᠢ ᠴᠢ ᠂ ᠪᠢᠲᠡᠭᠦᠨ ᠪ ᠡᠲᠦᠷ ᠪᠢᠯᠡ
ᠡᠨᠡ ᠡᠲᠦᠷ
ᠭᠤᠷᠪᠠᠨ ᠵᠠᠭᠤ ᠵᠢᠷᠠᠨ ᠲᠠᠪᠤᠨ ᠡᠲᠦᠷ ᠰᠥᠨᠢ ᠪᠡᠨ ᠠᠯᠬᠤᠭᠠᠳ
ᠣᠨ ᠪᠢᠲᠡᠷᠡᠭᠦᠷᠡᠵᠤ ᠪᠠᠶ᠋ᠢᠨ᠎ᠠ
ᠭᠤᠷᠪᠠᠨ ᠵᠠᠭᠤ ᠵᠢᠷᠠᠨ ᠲᠠᠪᠤᠨ ᠡᠲᠦᠷ ᠰᠥᠨᠢ ᠰᠢᠭ᠌
ᠤᠷᠲᠤ ᠴᠠᠭᠠᠷᠢᠭ ᠢᠶ᠋ᠠᠨ ᠣᠷᠢᠶᠠᠭᠠᠳ ᠳᠡᠯᠡᠬᠡᠢ ᠪᠢᠲᠡᠭᠦᠷᠡᠵᠦ ᠪᠠᠶ᠋ᠢᠨ᠎ᠠ
ᠭᠤᠷᠪᠠᠨ ᠵᠠᠭᠤ ᠵᠢᠷᠠᠨ ᠲᠠᠪᠤᠨ ᠡᠲᠦᠷ ᠰᠥᠨᠢ ᠭᠡᠳᠡᠭ᠂
ᠭᠣᠣᠯ ᠦ᠋ᠨ ᠬᠣᠶᠠᠷ ᠬᠥᠪᠡᠭᠡᠨ ᠳᠡᠭᠡᠷ᠎ᠡ ᠡᠴᠡ
ᠲᠡᠷᠭᠡᠯ ᠵᠡᠭᠦᠲᠦ ᠳᠤᠰᠤᠯᠴᠠᠭᠠᠳ ᠠᠮᠢᠲᠤᠷᠠᠯ ᠪᠢᠲᠡᠭᠦᠷᠡᠵᠦ ᠪᠠᠶ᠋ᠢᠨ᠎ᠠ ᠡ
ᠬᠥᠮᠦᠨ ᠪᠦᠬᠦᠨ ᠪ ᠰᠡᠤᠠᠬᠢᠯ ᠳ᠋ᠤ᠌ ᠴᠢ ᠂ ᠡᠨᠡ ᠡᠲᠦᠷ
ᠪᠦᠯᠢ ᠨᠠᠶ᠋ᠢᠯᠡᠬᠦ ᠪᠠᠶᠠᠷ ᠪᠠᠶ᠋ᠢᠨᠠᠮ
ᠬᠥᠲᠡᠭᠡ ᠬᠣᠲᠠ ᠶ᠋ᠢᠨ ᠠᠶ᠋ᠢᠯ ᠪᠦᠬᠦᠨ ᠳ᠋ᠤ᠌ ᠴᠢ ᠂ ᠡᠨᠡ ᠡᠲᠦᠷ
ᠬᠦᠰᠡᠯ ᠲᠡᠷᠭᠡᠯᠯᠡᠬᠦ ᠶᠣᠰᠣ ᠪᠠᠶ᠋ᠢᠨᠠᠮ
ᠭᠠᠲᠠᠬ᠋ᠠ ᠂ ᠬᠡᠦᠬᠡᠳ ᠴᠢᠮᠠᠶ᠋ᠢ
ᠭᠠᠷ ᠲᠠᠭᠠᠨ ᠬᠡᠯᠬᠢᠨ ᠳᠡᠭᠦᠵᠢᠯᠡᠭᠡᠳ ᠲᠦᠩ ᠲᠦᠩ ᠲᠤᠤᠭᠠᠷᠠᠭᠠᠵᠤ ᠨᠠᠭᠠᠲᠤᠨᠠ
ᠭᠡᠷ ᠲᠤ ᠂ ᠬᠥᠭᠰᠢᠳ ᠴᠢᠮᠠᠶ᠋ᠢ
ᠬᠤᠨᠳᠠᠭ᠎ᠠ ᠳᠦᠭᠦᠷᠡᠩ ᠬᠡᠮᠨᠡᠴᠢᠬᠡᠭᠡᠳ ᠪᠠᠬ᠋᠎ᠠ ᠪᠠᠬ᠋᠎ᠠ ᠪᠠᠷ ᠠᠮᠰᠠᠵᠤ ᠰᠠᠭᠤᠨ᠎ᠠ
ᠠᠶ᠋ᠢᠯ ᠦ᠋ᠨ ᠪᠢᠴᠢᠬᠠᠨ ᠡᠭᠦᠲᠡ ᠳᠡᠭᠡᠷᠡᠬᠢ ᠪᠢᠲᠡᠭᠦᠦ ᠲᠠᠮᠠᠬ᠋᠎ᠠ
ᠠᠮᠢᠲᠤᠷᠠᠯ ᠦ᠋ᠨ ᠣᠩᠭᠣᠨ ᠲᠩᠷᠢ ᠳᠡᠭᠡᠷᠡᠬᠢ ᠲᠡᠷᠭᠡᠯ ᠶᠣᠰᠣ
ᠴᠢᠮᠠᠶ᠋ᠢ ᠪᠢ ᠂ ᠶᠠᠭᠤ ᠪᠣᠯᠭᠠᠵᠤ ᠰᠡᠤᠠᠬᠢᠯ ᠶ᠋ᠢᠡᠨ ᠠᠷᠭᠠᠲᠠᠬᠤ ᠪᠢᠯᠡ
ᠴᠢᠮᠠᠲᠤ ᠪᠢ ᠂ ᠶᠠᠭᠤ ᠳᠠᠭᠤᠯᠠᠵᠤ ᠭᠤᠨᠢᠬ ᠶ᠋ᠢᠠᠨ ᠠᠰᠬᠠᠬᠤ ᠪᠢᠯᠡ
ᠬᠣᠲᠠ ᠮᠢᠨᠢ ᠲᠥᠪ ᠳᠦᠭᠦᠷᠡᠩ ᠂ ᠴᠢᠮ᠎ᠠ ᠪᠠᠷ ᠱᠤᠤᠭᠢᠵᠤ ᠪᠠᠶ᠋ᠢᠨ᠎ᠠ
ᠬᠣᠶᠠᠷ ᠦᠶ᠎ᠡ ᠶ᠋ᠢᠨ ᠭᠤᠷᠪᠠᠨ ᠬᠥᠮᠦᠨ ᠂ ᠴᠢᠮᠠᠶ᠋ᠢ ᠰᠡᠮᠡᠭᠡᠷ ᠴᠢᠩᠨᠠᠵᠤ
ᠬᠣᠲᠠ ᠶ᠋ᠢᠨ ᠵᠡᠭᠦᠨ ᠬᠠᠭᠠᠯᠭᠠᠨ ᠭᠠᠲᠠᠨᠠᠬᠢ ᠪᠢᠴᠢᠬᠠᠨ ᠨᠢᠭᠡ ᠥᠷᠥᠭᠡᠨ ᠳ᠋ᠤ᠌
ᠬᠣᠭᠣᠷᠣᠨᠲᠣ ᠪᠠᠨ ᠦᠭᠡ ᠦᠭᠡᠢ ᠰᠡᠤᠠᠬᠢᠯ ᠳᠤᠨᠳᠠᠭᠤᠷ ᠰᠠᠭᠤᠨ᠎ᠠ
ᠬᠣᠯᠠ ᠪᠠᠶ᠋ᠢᠬ᠋᠎ᠠ ᠡᠬᠡ ᠨᠤᠲᠤᠭ ᠦᠷ᠎ᠡ ᠶ᠋ᠢᠨ ᠰᠡᠤᠠᠬᠢᠯ ᠳᠠᠯᠠᠯᠵᠤ
ᠬᠣᠶᠠᠭᠤᠯᠠ ᠶ᠋ᠢ ᠰᠠᠯᠭᠠᠭᠰᠠᠨ ᠣᠷᠣᠨ ᠵᠠᠢ
ᠭᠤᠨᠢᠬ ᠤᠶᠠᠷᠠᠯ ᠠᠪᠴᠢᠷᠠᠨ᠎ᠠ
ᠡᠵᠢ ᠶ᠋ᠢᠨ ᠮᠢᠨᠢ ᠡᠩᠭᠡᠷ ᠂ ᠡᠨᠡ ᠡᠲᠦᠷ
ᠨᠢᠭᠡ ᠲᠣᠪᠴᠢ ᠳᠤᠲᠠᠭᠤ ᠵᠢᠪᠠᠷ ᠰᠠᠶ᠋ᠢᠭᠡᠬᠦ ᠬᠠᠷᠠᠭᠲᠠᠨ᠎ᠠ
ᠡᠴᠢᠭᠡ ᠶ᠋ᠢᠨ ᠮᠢᠨᠢ ᠰᠢᠷᠡᠭᠡᠨ ᠳ᠋ᠤ᠌ ᠂ ᠡᠨᠡ ᠡᠲᠦᠷ
ᠨᠢᠭᠡ ᠬᠥᠯ ᠳᠤᠲᠠᠭᠤ ᠲᠣᠭᠲᠠᠵᠤ ᠶᠠᠳᠠᠬᠤ ᠦᠵᠡᠭᠳᠡᠨ᠎ᠡ
ᠡᠬᠡ ᠨᠤᠲᠤᠭ ᠦ᠋ᠨ ᠮᠢᠨᠢ ᠰᠠᠷ᠎ᠠ ᠰᠢᠭ᠋ ᠵᠡᠭᠦᠲᠦᠨ ᠳ᠋ᠤ᠌
ᠡᠨᠡ ᠡᠲᠦᠷ ᠂ ᠨᠢᠭᠡ ᠡᠷᠦᠬᠡ ᠳᠤᠲᠠᠭᠤ
ᠡᠷ᠎ᠡ ᠦᠷ᠎ᠡ ᠶ᠋ᠢᠨ ᠨᠢᠯᠪᠤᠰᠤ ᠪᠣᠯᠵᠤ ᠨᠢᠭᠡ ᠡᠲᠦᠷ ᠤᠷᠤᠰᠤᠨ᠎ᠠ
ᠪᠢᠯᠢᠭ ᠦ᠋ᠨ ᠤᠯᠠᠷᠢᠯ ᠦ᠋ᠨ ᠯᠠ ᠰᠠᠷ᠎ᠠ ᠶ᠋ᠢᠨ ᠭᠤᠴᠢᠨ
ᠪᠢᠲᠡᠭᠦᠨ ᠪ ᠡᠲᠦᠷ ᠡ
ᠪᠢ ᠴᠢᠮᠠᠶ᠋ᠢ ᠂ ᠶᠠᠭᠤ ᠪᠣᠯᠭᠠᠭᠰᠠᠨ ᠴᠦ᠍ ᠰᠡᠤᠠᠬᠢᠯ ᠶ᠋ᠢᠡᠨ ᠠᠷᠭᠠᠲᠠᠵᠤ ᠴᠢᠲᠠᠬᠤ ᠦᠭᠡᠢ
ᠪᠢ ᠴᠢᠮᠠᠲᠤ ᠂ ᠶᠠᠭᠤ ᠳᠠᠭᠤᠯᠠᠭᠰᠠᠨ ᠴᠦ᠍ ᠭᠤᠨᠢᠬ ᠶ᠋ᠢᠠᠨ ᠠᠰᠬᠠᠵᠤ ᠪᠠᠷᠠᠬᠤ ᠦᠭᠡᠢ
ᠴᠣᠩᠬᠣ ᠶ᠋ᠢ ᠮᠢᠨᠢ ᠨᠠᠷᠠ ᠲᠣᠭᠰᠢᠯ᠎ᠠ
ᠴᠣᠣᠵᠢ ᠨᠢ ᠪᠢᠲᠡᠭᠦᠦ ᠬᠤᠲᠠ ᠶ᠋ᠢᠨ ᠬᠡᠷᠡᠮ ᠳᠠᠪᠠᠵᠤ
ᠥᠨᠥᠴᠢᠨ ᠴᠠᠭᠠᠨ ᠲᠠᠤᠯᠠᠢ ᠡᠭᠦᠷ ᠶ᠋ᠢᠡᠨ ᠡᠷᠢᠨ ᠣᠲᠤᠯᠠ
ᠡᠭᠦᠲᠡ ᠶ᠋ᠢ ᠮᠢᠨᠢ ᠰᠠᠯᠬᠢ ᠨᠡᠭᠡᠭᠡᠯ᠎ᠡ
ᠥᠯᠥᠰᠦᠭᠰᠡᠨ ᠰᠡᠤᠠᠬᠢᠯ ᠡᠴᠡ ᠨᠢᠭᠡ ᠡᠲᠦᠷ ᠬᠡᠶ᠋ᠢᠰᠴᠦ
ᠦᠷ ᠪᠢᠲᠡᠭᠦᠦ ᠬᠥᠢᠲᠡᠨ ᠬᠠᠷ᠎ᠠ ᠰᠡᠭᠦᠲᠡᠷ ᠥᠷᠥᠭᠡᠨ ᠳ᠋ᠤ᠌ ᠮᠢᠨᠢ ᠳᠦᠭᠦᠷᠦᠯ᠎ᠡ ᠁
ᠬᠣᠷᠴᠢᠨ ᠪ ᠰᠠᠶ᠋ᠢᠬᠠᠨ ᠨᠤᠲᠤᠭ ᠮᠢᠨᠢ ᠡ
ᠬᠣᠷᠸ᠋᠎ᠠ ᠂ ᠡᠨᠡ ᠡᠲᠦᠷ ᠮᠢᠨᠦ ᠭᠡᠷ ᠲᠤ ᠪᠢᠲᠡᠭᠦᠷᠡᠭᠰᠡᠨ ᠦᠭᠡᠢ ᠡ!
ᠴᠥᠩᠬᠦᠯ ᠦ᠋ᠨ ᠭᠤᠤ
ᠰᠡᠷᠢᠭᠦᠨ ᠪᠦᠰᠡ ᠶ᠋ᠢᠨ ᠬᠠᠭᠤᠷᠠᠢ ᠭᠠᠷᠠᠮ ᠳᠡᠭᠡᠷ᠎ᠡ
ᠬᠠᠯᠠᠭᠤᠨ ᠪᠦᠰᠡ ᠶ᠋ᠢᠨ ᠣᠶ᠋ᠢᠲᠤ ᠣᠷᠣᠨ ᠪ ᠣᠩᠭᠣᠴᠠ ᠲᠠᠶ᠋ᠢᠪᠤᠭᠤᠬᠠᠨ ᠵᠣᠭᠰᠣᠨ᠎ᠠ ᠡ
ᠳ᠋ᠸᠩ ᠦ᠋ᠨ ᠤᠯᠠᠨ ᠡᠷᠪᠡᠬᠡᠢ
ᠳᠡᠯᠡᠬᠡᠢ ᠶ᠋ᠢᠨ ᠪᠦᠰᠡᠯᠡᠭᠦᠷ ᠦ᠋ᠨ ᠨᠠᠷᠠᠨ ᠪ ᠳᠣᠣᠷ᠎ᠠ ᠴᠤᠭᠯᠠᠷᠠᠨ᠎ᠠ
ᠳᠡᠭᠡᠳᠦ ᠪᠡᠨ ᠵᠡᠭᠦᠲᠦᠯᠡᠬᠦ ᠥᠨᠥᠴᠢᠨ ᠨᠢᠭᠡ ᠪᠣᠲᠣᠯ
ᠳᠡᠯᠭᠡᠭᠰᠡᠨ ᠰᠢᠭᠦᠷ ᠰᠢᠭ᠌ ᠥᠷᠭᠡᠨ ᠨᠠᠪᠴᠢ ᠶ᠋ᠢᠨ ᠳᠣᠣᠷ᠎ᠠ ᠡᠭᠦᠯᠡ ᠤᠩᠰᠢᠵᠤ ᠰᠠᠭᠤᠨ᠎ᠠ ᠡ
ᠪᠡᠶ᠎ᠡ ᠰᠡᠭᠦᠲᠡᠷ ᠬᠣᠶᠠᠷ
ᠪᠣᠰᠤᠬ᠋᠎ᠠ ᠪᠠᠷ ᠢᠶ᠋ᠠᠨ ᠲᠡᠪᠡᠷᠢᠯᠴᠡᠨᠡ
ᠪᠤᠴᠠᠬᠤ ᠶ᠋ᠢᠨ ᠨᠢᠭᠡ ᠨᠠᠷᠢᠨ ᠵᠥᠷᠢᠭ ᠶ᠋ᠢᠡᠷ
ᠬᠥᠩᠭᠡᠨ ᠰᠠᠯᠬᠢ ᠨᠠᠪᠴᠢᠨ ᠳᠡᠭᠡᠭᠦᠷ ᠱᠤᠤᠭᠢᠨ᠎ᠠ
ᠬᠦᠨᠲᠦ ᠭᠤᠨᠢᠬ ᠨᠢᠯᠪᠤᠰᠤᠨ ᠳᠣᠭᠤᠤᠷ ᠲᠤᠭᠤᠯᠤᠨ᠎ᠠ ᠁
ᠰᠡᠷᠢᠭᠦᠨ ᠪᠦᠰᠡ ᠶ᠋ᠢᠨ ᠬᠠᠭᠤᠷᠠᠢ ᠭᠠᠷᠠᠮ ᠳᠡᠭᠡᠷ᠎ᠡ
ᠬᠠᠯᠠᠭᠤᠨ ᠪᠦᠰᠡ ᠶ᠋ᠢᠨ ᠣᠶ᠋ᠢᠲᠤ ᠣᠷᠣᠨ ᠪ ᠣᠩᠭᠣᠴᠠ
ᠪᠤᠴᠠᠯᠲᠠ ᠶ᠋ᠢᠨ ᠱᠤᠭᠤᠮ ᠲᠡᠭᠡᠭᠡᠵᠦ
ᠪᠣᠲᠣᠯ ᠵᠡᠭᠦᠲᠦᠨ ᠳ᠋ᠤ᠌ ᠣᠮᠪᠠᠨ᠎ᠠ ᠡ ᠁
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠪᠠᠭᠠᠲᠤᠷ
ᠬᠢᠨᠠᠭ᠍ᠴᠢ ᠄ ᠴᠣᠯᠮᠣᠬ᠍ᠲᠤᠶᠠᠭ᠎ᠠ ᠪᠠᠭ᠍ᠰᠢ
2023 ᠣᠨ ᠪ4 ᠰᠠᠷ᠎ᠠ ᠶ᠋ᠢᠨ18
