ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ03-ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷМонгол ухааны эрихэн хэлхээ-чулуунбаатрын эрдэнэбаатар
ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ03
ᠵᠣᠬᠢᠶᠠᠭᠴᠢ ᠄ ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷ
ᠲᠣᠯᠣᠭᠠᠢ ᠪᠠᠨ ᠰᠠᠯᠠᠭᠠᠪᠴᠢᠯᠠᠵᠤ ᠬᠡᠪᠲᠡᠳᠡᠭ ᠦᠭᠡᠢ
ᠲᠣᠯᠢ ᠶ᠋ᠢ ᠡᠭᠦᠳᠡ ᠤᠷᠤᠭᠤ ᠬᠠᠷᠠᠭᠤᠯᠳᠠᠭ ᠦᠭᠡᠢ
ᠲᠣᠭᠣᠭ᠎ᠠ ᠶ᠋ᠢ ᠤᠷᠤᠭᠰᠢ ᠬᠡᠯᠲᠡᠶ᠋ᠢᠯᠭᠡᠳᠡᠭ ᠦᠭᠡᠢ
ᠲᠣᠳᠣ ᠮᠣᠩᠭᠣᠯ ᠤᠬᠠᠭᠠᠨ᠃
ᠢᠳᠡᠵᠦ ᠴᠠᠳᠤᠭᠠᠳ ᠶᠣᠣᠯᠠᠳᠠᠭ ᠦᠭᠡᠢ
ᠢᠳᠡᠦᠷ ᠨᠡᠭᠦᠳᠡᠯ ᠢ᠋ᠶ᠋ᠡᠷ ᠣᠷᠬᠢᠳᠠᠭ ᠦᠭᠡᠢ
ᠢᠯᠡᠦᠷ ᠬᠣᠶ᠋ᠢᠮᠣᠷ ᠤᠷᠤᠭᠤ ᠬᠠᠨᠳᠤᠭᠤᠯᠳᠠᠭ ᠦᠭᠡᠢ
ᠢᠲᠡᠭᠡᠯᠲᠦ ᠮᠣᠩᠭᠣᠯ ᠤᠬᠠᠭᠠᠨ᠃
ᠰᠢᠨ᠎ᠡ ᠭᠡᠷ ᠊ᠢ ᠢᠷᠦᠭᠡᠳᠡᠭ
ᠰᠢᠷᠢᠮᠡᠯ ᠲᠣᠭᠣᠷᠢᠭᠤᠯᠭ᠎ᠠ ᠳ᠋ᠤ᠌ ᠰᠠᠭᠤᠳᠠᠭ
ᠰᠢᠮᠡᠲᠦ ᠠᠷᠢᠬᠢ ᠶ᠋ᠢ ᠨᠡᠷᠡᠳᠡᠭ
ᠰᠢᠯᠢᠮᠡᠯ ᠮᠣᠩᠭᠣᠯ ᠤᠬᠠᠭᠠᠨ᠃
ᠬᠥᠭᠡᠮᠡᠢ ᠰᠣᠨᠣᠰᠴᠤ ᠤᠶᠠᠷᠠᠳᠠᠭ
ᠬᠥᠬᠦᠦᠷ ᠵᠥᠷᠢᠭᠦᠯᠵᠦ ᠰᠢᠨᠡᠯᠡᠳᠡᠭ
ᠬᠦᠲᠦᠰᠦᠨ ᠳᠡᠪᠡᠯ ᠢ᠋ᠶ᠋ᠡᠨ ᠬᠦᠲᠦᠷᠳᠡᠭ
ᠬᠥᠳᠡᠯᠦᠰᠢ ᠦᠭᠡᠢ ᠮᠣᠩᠭᠣᠯ ᠤᠬᠠᠭᠠᠨ᠃
ᠵᠦᠢᠲᠡᠢ ᠦᠭᠡ ᠪᠡᠷ ᠬᠡᠯᠡᠯᠴᠡᠳᠡᠭ
ᠵᠦᠮᠪᠦᠷ ᠬᠡ ᠪᠡᠷ ᠤᠷᠠᠯᠠᠳᠠᠭ
ᠵᠡᠭᠦᠳᠦ ᠪᠡᠨ ᠶᠠᠷᠢᠵᠤ ᠲᠠᠶ᠋ᠢᠯᠲᠠᠭ
ᠵᠦᠢᠷᠯᠡᠰᠢ ᠦᠭᠡᠢ ᠮᠣᠩᠭᠣᠯ ᠤᠬᠠᠭᠠᠨ᠃
ᠨᠣᠣᠰᠣ ᠰᠠᠪᠠᠵᠤ ᠢᠰᠡᠭᠡᠶ᠋ᠢᠯᠡᠳᠡᠭ
ᠨᠣᠭᠲᠣᠯᠠᠵᠤ ᠴᠣᠷᠪᠣᠳᠠᠵᠤ ᠨᠣᠮᠣᠬᠠᠷᠠᠭᠤᠯᠳᠠᠭ
ᠨᠣᠬᠠᠢ ᠨᠠᠮᠨᠠᠵᠤ ᠳᠣᠮᠨᠣᠳᠠᠭ
ᠨᠣᠶᠠᠯᠢᠭ ᠮᠣᠩᠭᠣᠯ ᠤᠬᠠᠭᠠᠨ ᠃
ᠡᠯᠢᠭᠡᠨ ᠴᠢᠯᠠᠭᠤ ᠶ᠋ᠢ ᠲᠡᠭᠦᠳᠡᠭ ᠦᠭᠡᠢ
ᠡᠯᠢᠭᠡ ᠪᠡᠨ ᠲᠡᠪᠡᠷᠢᠵᠦ ᠰᠠᠭᠤᠳᠠᠭ ᠦᠭᠡᠢ
ᠡᠯᠢᠶᠡᠨ ᠦ᠌ ᠡᠭᠦᠷ ᠊ᠢ ᠬᠥᠨᠳᠡᠳᠡᠭ ᠦᠭᠡᠢ
ᠡᠯᠪᠡᠷᠢᠯᠲᠦ ᠮᠣᠩᠭᠣᠯ ᠤᠬᠠᠭᠠᠨ᠃
ᠤᠨᠢᠨ ᠠ᠋ᠴᠠ ᠳᠡᠭᠦᠵᠢᠯᠡᠵᠦ ᠪᠠᠷᠢᠳᠠᠭ ᠦᠭᠡᠢ
ᠤᠭᠤᠲᠠ ᠡᠷᠭᠢᠭᠦᠯᠵᠦ ᠰᠡᠭᠰᠦᠷᠳᠡᠭ ᠦᠭᠡᠢ
ᠤᠷᠲᠤ ᠪᠠᠷ ᠰᠠᠨᠠᠭ᠎ᠠ ᠠᠯᠳᠠᠳᠠᠭ ᠦᠭᠡᠢ
ᠤᠴᠢᠷᠲᠠᠢ ᠮᠣᠩᠭᠣᠯ ᠤᠬᠠᠭᠠᠨ᠃
ᠰᠦᠯᠳᠡ ᠲᠤᠭ ᠢ᠋ᠶ᠋ᠠᠨ ᠪᠥᠬᠥᠶ᠋ᠢᠯᠭᠡᠳᠡᠭ ᠦᠭᠡᠢ
ᠰᠦᠷᠳᠡᠵᠦ ᠪᠠᠭᠤᠵᠤ ᠥᠭᠳᠡᠭ ᠦᠭᠡᠢ
ᠰᠦᠨ ᠰᠢᠲᠦ ᠶ᠋ᠢ ᠬᠠᠶᠠᠳᠠᠭ ᠦᠭᠡᠢ
ᠰᠦᠷᠯᠢᠭ ᠮᠣᠩᠭᠣᠯ ᠤᠬᠠᠭᠠᠨ᠃
ᠴᠡᠴᠡᠭ ᠦ᠋ᠨ ᠲᠣᠯᠣᠭᠠᠢ ᠶ᠋ᠢ ᠲᠠᠰᠤᠯᠳᠠᠭ ᠦᠭᠡᠢ
ᠴᠡᠭᠡ ᠶ᠋ᠢ ᠴᠠᠯᠭᠢᠭᠤᠯᠵᠤ ᠠᠰᠬᠠᠳᠠᠭ ᠦᠭᠡᠢ
ᠴᠡᠩᠭᠡᠭ ᠪᠤᠯᠠᠭ ᠪᠤᠯᠠᠩᠭᠢᠷᠲᠤᠭᠤᠯᠳᠠᠭ ᠦᠭᠡᠢ
ᠴᠡᠪᠡᠷ ᠮᠣᠩᠭᠣᠯ ᠤᠬᠠᠭᠠᠨ᠃
ᠬᠠᠳᠠᠭ ᠊ᠢ ᠭᠤᠷᠪᠠ ᠨᠤᠭᠤᠯᠳᠠᠭ
ᠬᠠᠷᠭᠠᠨ᠎ᠠ ᠪᠠᠷ ᠲᠣᠭᠣᠭ᠎ᠠ ᠱᠦᠭᠦᠷᠳᠡᠳᠡᠭ
ᠬᠠᠷ᠎ᠠ ᠨᠣᠣᠰᠣ ᠪᠠᠷ ᠬᠠᠶᠠᠭᠠᠪᠴᠢᠯᠠᠳᠠᠭ
ᠬᠠᠳᠠᠭᠠᠯᠠᠬᠤ ᠮᠣᠩᠭᠣᠯ ᠤᠬᠠᠭᠠᠨ᠃
ᠬᠥᠯᠭᠡᠨ ᠰᠤᠳᠤᠷ ᠢ᠋ᠶ᠋ᠠᠷ ᠡᠷᠭᠢᠳᠡᠭ
ᠬᠥᠯ ᠬᠦᠨᠳᠦᠲᠡᠨ ᠊ᠢ ᠬᠦᠨᠳᠦᠯᠡᠳᠡᠭ
ᠬᠥᠬᠡ ᠲᠣᠯᠪᠣ ᠪᠠᠨ ᠡᠷᠬᠢᠮᠯᠡᠳᠡᠭ
ᠬᠥᠨᠳᠡᠰᠢ ᠦᠭᠡᠢ ᠮᠣᠩᠭᠣᠯ ᠤᠬᠠᠭᠠᠨ᠃
ᠡᠪᠴᠢᠭᠦᠦ ᠪᠡᠷ ᠭᠠᠯ ᠢ᠋ᠶ᠋ᠠᠨ ᠳᠠᠬᠢᠳᠠᠭ
ᠥᠭᠡᠬᠦ ᠪᠡᠷ ᠳ᠋ᠧᠩ ᠪᠠᠷᠢᠳᠠᠭ
ᠥᠷᠥᠮ᠎ᠡ ᠪᠡᠨ ᠬᠠᠶ᠋ᠢᠯᠵᠤ ᠭᠦᠵᠡᠭᠡᠯᠡᠳᠡᠭ
ᠥᠭᠡᠳᠡᠷᠡᠭ ᠮᠣᠩᠭᠣᠯ ᠤᠬᠠᠭᠠᠨ᠃
ᠮᠥᠩᠭᠥ ᠠᠯᠲᠠ ᠪᠠᠷ ᠬᠢᠴᠡᠯᠡᠳᠡᠭ
ᠮᠥᠩᠭᠥᠨ ᠡᠮᠡᠭᠡᠯ ᠢ᠋ᠶ᠋ᠡᠷ ᠭᠤᠶᠤᠳᠠᠭ
ᠮᠥᠩᠬᠡ ᠲᠡᠭᠷᠢ ᠪᠡᠨ ᠰᠢᠲᠦᠳᠡᠭ
ᠮᠥᠬᠥᠰᠢ ᠦᠭᠡᠢ ᠮᠣᠩᠭᠣᠯ ᠤᠬᠠᠭᠠᠨ᠃
ᠠᠶᠠᠨ ᠤ᠋ ᠰᠢᠪᠠᠭᠤᠳ ᠊ᠢ ᠲᠣᠭᠠᠯᠠᠳᠠᠭ ᠦᠭᠡᠢ
ᠠᠶᠠᠭᠠᠨ ᠳ᠋ᠤ᠌ ᠰᠢᠪᠬᠠᠷᠤᠤ ᠦᠯᠡᠳᠡᠭᠡᠳᠡᠭ ᠦᠭᠡᠢ
ᠠᠮᠠ ᠠᠯᠳᠠᠵᠤ ᠪᠣᠯᠳᠠᠭ ᠦᠭᠡᠢ
ᠠᠶᠠᠳᠠᠭᠤ ᠮᠣᠩᠭᠣᠯ ᠤᠬᠠᠭᠠᠨ᠃
ᠬᠥᠯ ᠦ᠋ᠨ ᠤᠯᠠ ᠪᠠᠨ ᠨᠡᠶ᠋ᠢᠯᠡᠭᠦᠯᠳᠡᠭ ᠦᠭᠡᠢ
ᠬᠥᠬᠥᠭᠦᠯ ᠡᠬᠡ ᠶ᠋ᠢ ᠭᠣᠷᠢᠳᠠᠭᠠᠳᠠᠭ ᠦᠭᠡᠢ
ᠬᠥᠬᠦᠦᠷ ᠲᠡᠢ ᠠᠶ᠋ᠢᠷᠠᠭ ᠲᠦᠰᠢᠳᠡᠭ ᠦᠭᠡᠢ
ᠬᠦᠪᠦᠷᠡᠬᠦ ᠮᠣᠩᠭᠣᠯ ᠤᠬᠠᠭᠠᠨ ᠃
ᠳᠠᠪᠬᠤᠷ ᠮᠠᠯᠠᠭᠠᠢ ᠡᠮᠦᠰᠳᠡᠭ ᠦᠭᠡᠢ
ᠳᠠᠪᠤᠰᠤ ᠠᠶ᠋ᠢᠯ ᠠ᠋ᠴᠠ ᠵᠢᠭᠡᠯᠡᠳᠡᠭ ᠦᠭᠡᠢ
ᠳᠠᠯᠤ ᠶ᠋ᠢ ᠭᠠᠭᠴᠠᠭᠠᠷ ᠢᠳᠡᠳᠡᠭ ᠦᠭᠡᠢ
ᠳᠠᠷᠬᠠᠨ ᠮᠣᠩᠭᠣᠯ ᠤᠬᠠᠭᠠᠨ᠃
ᠥᠩᠭᠡᠷᠡᠭᠰᠡᠳ ᠦ᠋ᠨ ᠨᠡᠷ᠎ᠡ ᠶ᠋ᠢ ᠳᠠᠭᠤᠳᠠᠳᠠᠭ ᠦᠭᠡᠢ
ᠥᠯᠥᠩ ᠡᠪᠡᠰᠦ ᠵᠠᠭᠤᠳᠠᠭ ᠦᠭᠡᠢ
ᠥᠭᠯᠢᠭᠡ ᠶ᠋ᠢ ᠪᠤᠴᠠᠭᠠᠵᠤ ᠨᠡᠬᠡᠳᠡᠭ ᠦᠭᠡᠢ
ᠥᠷᠭᠡᠨ ᠮᠣᠩᠭᠣᠯ ᠤᠬᠠᠭᠠᠨ᠃
ᠠᠯᠲᠠ ᠶ᠋ᠢ ᠬᠡᠮᠵᠢᠶ᠎ᠡ ᠲᠡᠢ ᠡᠳ᠋ᠯᠡᠳᠡᠭ
ᠠᠲᠠᠨ ᠲᠡᠮᠡᠭᠡ ᠪᠡᠨ ᠬᠥᠰᠬᠡᠯᠡᠳᠡᠭ
ᠠᠷᠭᠠᠯᠴᠢᠨ ᠲᠠᠭᠠᠷᠠᠪᠠᠯ ᠪᠡᠯᠭᠡᠰᠢᠶᠡᠳᠡᠭ
ᠠᠮᠤᠭᠤᠯᠠᠩ ᠮᠣᠩᠭᠣᠯ ᠤᠬᠠᠭᠠᠨ᠃
ᠡᠪᠦᠳᠦᠭ ᠭᠠᠷᠪᠠᠯ ᠳᠣᠮᠨᠣᠳᠠᠭ
ᠡᠪᠡᠰᠦ ᠤᠷᠭᠤᠮᠠᠯ ᠢ᠋ᠶ᠋ᠠᠷ ᠡᠮᠨᠡᠳᠡᠭ
ᠥᠯᠴᠢᠷ ᠴᠢᠭᠢᠷᠠᠭ ᠲᠤ᠌ ᠰᠤᠷᠭᠠᠳᠠᠭ
ᠥᠪᠯᠡᠬᠦ ᠮᠣᠩᠭᠣᠯ ᠤᠬᠠᠭᠠᠨ᠃
ᠪᠠᠭᠤᠬᠤ ᠨᠤᠲᠤᠭ ᠢ᠋ᠶ᠋ᠠᠨ ᠰᠢᠨᠵᠢᠳᠡᠭ
ᠪᠠᠭᠤᠷᠢ ᠪᠠᠨ ᠠᠷᠭᠠᠯ ᠢ᠋ᠶ᠋ᠠᠷ ᠣᠨᠤᠯᠠᠲᠠᠭ
ᠪᠤᠷᠤᠭᠤ ᠵᠦᠭ ᠊ᠢ ᠲᠥᠭᠡᠷᠢᠭᠦᠯᠳᠡᠭ
ᠪᠤᠭᠤᠷᠤᠯ ᠮᠣᠩᠭᠣᠯ ᠤᠬᠠᠭᠠᠨ᠃
ᠡᠭᠦᠳᠡ ᠪᠡᠨ ᠢᠰᠡᠭᠡᠢ ᠪᠡᠷ ᠬᠢᠳᠡᠭ
ᠦᠷ᠎ᠡ ᠶ᠋ᠢᠨ ᠢ᠋ᠶ᠋ᠡᠨ ᠵᠤᠯᠠᠢ ᠶ᠋ᠢ ᠦᠨᠦᠷᠯᠡᠳᠡᠭ
ᠦᠨᠡᠭᠡ ᠬᠠᠶ᠋ᠢᠴᠢᠯᠠᠵᠤ ᠬᠠᠭᠤᠷᠳᠠᠭ
ᠦᠨᠡᠲᠦ ᠮᠣᠩᠭᠣᠯ ᠤᠬᠠᠭᠠᠨ᠃
ᠭᠣᠳᠣᠰ ᠊ᠢ ᠳᠡᠭᠡᠷ᠎ᠡ ᠡᠴᠡ ᠢᠨᠤ ᠡᠪᠬᠡᠳᠡᠭ ᠦᠭᠡᠢ
ᠭᠤᠲᠤᠯ ᠤ᠋ᠨ ᠥᠰᠥᠭᠡᠢ ᠶ᠋ᠢ ᠭᠢᠰᠬᠢᠳᠡᠭ ᠦᠭᠡᠢ
ᠭᠤᠶᠤᠯᠭᠠᠴᠢᠨ ᠳ᠋ᠤ᠌ ᠭᠠᠷ ᠢ᠋ᠶ᠋ᠠᠷ ᠥᠭᠳᠡᠭ ᠦᠭᠡᠢ
ᠭᠤᠨᠳᠠᠰᠢ ᠦᠭᠡᠢ ᠮᠣᠩᠭᠣᠯ ᠤᠬᠠᠭᠠᠨ᠃
ᠶᠠᠭᠠᠷᠠᠪᠠᠴᠤ ᠶᠠᠪᠠᠭᠠᠨ ᠰᠠᠭᠤᠳᠠᠭ ᠦᠭᠡᠢ
ᠶᠠᠰᠤ ᠶ᠋ᠢ ᠮᠥᠯᠵᠢᠭᠦᠷ ᠲᠡᠢ ᠬᠠᠶᠠᠳᠠᠭ ᠦᠭᠡᠢ
ᠶᠠᠷᠢᠶᠠᠨ ᠳᠤᠮᠳᠠᠭᠤᠷ ᠣᠷᠣᠯᠴᠠᠳᠠᠭ ᠦᠭᠡᠢ
ᠢᠯᠭᠤᠮ ᠮᠣᠩᠭᠣᠯ ᠤᠬᠠᠭᠠᠨ᠃
ᠬᠠᠷᠠᠩᠭᠤᠢ ᠳ᠋ᠤ᠌ ᠰᠦ ᠬᠥᠭᠡᠷᠦᠭᠦᠯᠳᠡᠭ ᠦᠭᠡᠢ
ᠬᠠᠨᠴᠤᠢ ᠰᠢᠮᠡᠯᠡᠵᠦ ᠠᠪᠳᠠᠭ ᠦᠭᠡᠢ
ᠬᠠᠯᠠᠭᠤᠨ ᠬᠦᠢᠲᠡᠨ ᠳ᠋ᠦ᠍ ᠠᠵᠢᠷᠠᠳᠠᠭ ᠦᠭᠡᠢ
ᠬᠠᠳᠠ ᠲᠠᠢ ᠮᠣᠩᠭᠣᠯ ᠤᠬᠠᠭᠠᠨ᠃
ᠦᠨᠳᠦᠰᠦ ᠮᠥᠴᠢᠷ ᠊ᠢ ᠲᠠᠰᠤᠯᠳᠠᠭ ᠦᠭᠡᠢ
ᠡᠭᠦᠳᠡ ᠪᠡᠷ ᠤᠬᠢᠶᠠᠳᠠᠰᠤ ᠴᠠᠴᠤᠳᠠᠭ ᠦᠭᠡᠢ
ᠦᠰᠦ ᠨᠣᠣᠰᠣ ᠶ᠋ᠢ ᠰᠢᠲᠠᠭᠠᠳᠠᠭ ᠦᠭᠡᠢ
ᠦᠷᠭᠦᠯᠵᠢᠯᠡᠬᠦ ᠮᠣᠩᠭᠣᠯ ᠤᠬᠠᠭᠠᠨ᠃
ᠡᠯᠢᠭᠡᠨ ᠲᠠᠷᠠᠭ ᠢ᠋ᠶ᠋ᠠᠨ ᠪᠦᠷᠢᠳᠡᠭ
ᠡᠮᠡᠭᠡᠯ ᠦ᠋ᠨ ᠵᠢᠷᠢᠮ ᠢ᠋ᠶ᠋ᠡᠨ ᠬᠦᠷᠦᠳᠡᠭ
ᠡᠭᠡᠷᠡᠦᠯ ᠦ᠋ᠨ ᠤᠲᠠᠰᠤ ᠪᠠᠷ ᠪᠥᠭᠡᠯᠡᠳᠡᠭ
ᠡᠷᠬᠢᠮ ᠮᠣᠩᠭᠣᠯ ᠤᠬᠠᠭᠠᠨ᠃
ᠤᠭ ᠤ᠋ᠨ ᠪᠢᠴᠢᠭ ᠢ᠋ᠶ᠋ᠡᠨ ᠬᠥᠲᠥᠯᠳᠡᠭ
ᠤᠳᠤᠮ ᠤᠭᠰᠠᠭ᠎ᠠ ᠶ᠋ᠢ ᠰᠤᠳᠤᠯᠳᠠᠭ
ᠤᠷᠤᠭ ᠲᠥᠷᠥᠯ ᠢ᠋ᠶ᠋ᠡᠨ ᠪᠠᠷᠢᠯᠴᠠᠳᠠᠭ
ᠤᠬᠠᠭᠠᠯᠢᠭ ᠮᠣᠩᠭᠣᠯ ᠤᠬᠠᠭᠠᠨ᠃
ᠲᠡᠦᠬᠡ ᠰᠣᠶᠣᠯ ᠢ᠋ᠶ᠋ᠠᠨ ᠬᠠᠮᠠᠭᠠᠯᠠᠳᠠᠭ
ᠲᠦᠳᠡᠭ ᠭᠠᠯ ᠢ᠋ᠶ᠋ᠠᠨ ᠪᠠᠳᠠᠷᠠᠭᠠᠳᠠᠭ
ᠲᠦᠷᠡᠯᠭᠡ ᠡᠷᠭᠦᠵᠦ ᠤᠤᠬᠠᠶ᠋ᠢᠯᠠᠳᠠᠭ
ᠲᠦᠪᠰᠢᠨ ᠮᠣᠩᠭᠣᠯ ᠤᠬᠠᠭᠠᠨ᠃
ᠥᠷᠯᠥᠭᠡᠨ ᠦ᠌ ᠨᠠᠷᠠ ᠶ᠋ᠢ ᠰᠢᠲᠦᠳᠡᠭ
ᠡᠳᠦᠷ ᠦ᠋ᠨ ᠣᠳᠣ ᠶ᠋ᠢ ᠠᠵᠢᠭᠯᠠᠳᠠᠭ
ᠥᠰᠬᠦ ᠨᠠᠰᠤᠨ ᠳ᠋ᠤ᠌ ᠠᠨᠤ ᠰᠤᠷᠭᠠᠳᠠᠭ
ᠥᠷᠨᠢᠭᠦᠨ ᠮᠣᠩᠭᠣᠯ ᠤᠬᠠᠭᠠᠨ᠃
ᠪᠣᠭᠣᠨᠢ ᠬᠠᠪᠢᠷᠭ᠎ᠠ ᠪᠠᠷ ᠲᠠᠶ᠋ᠢᠯᠠᠲᠠᠭ ᠦᠭᠡᠢ
ᠪᠣᠱᠣᠭᠠᠨ ᠳ᠋ᠤ᠌ ᠴᠢᠮᠥᠭᠡ ᠲᠠᠰᠢᠳᠠᠭ ᠦᠭᠡᠢ
ᠪᠣᠰᠤᠭ᠎ᠠ ᠪᠠᠷ ᠢ᠋ᠶ᠋ᠠᠨ ᠢᠳᠡᠭᠡ ᠠᠮᠰᠠᠳᠠᠭ ᠦᠭᠡᠢ
ᠪᠣᠳᠣᠯᠭ᠎ᠠ ᠲᠠᠢ ᠮᠣᠩᠭᠣᠯ ᠤᠬᠠᠭᠠᠨ᠃
ᠦᠰᠦᠭ ᠠᠮᠢᠯᠠᠭᠤᠯᠤᠭᠴᠢ ᠄ ᠰᠡᠴᠡᠨᠴᠢᠮᠡᠭ
ᠬᠢᠨᠠᠭᠴᠢ ᠄ ᠪᠠᠶᠠᠷᠴᠡᠴᠡᠭ
