ᠥᠨᠲᠦᠷ ᠰᠠᠢᠷᠠᠮ ᠤᠨ ᠡᠬᠢᠨ ᠳᠦӨндөр сайрмын эхэнд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠲᠦᠷ ᠰᠠᠢᠷᠠᠮ ᠤᠨ ᠡᠬᠢᠨ ᠳᠦӨндөр сайрмын эхэнд

ᠥᠨᠲᠦᠷ ᠰᠠᠢᠷᠠᠮ ᠤᠨ ᠡᠬᠢᠨ ᠳᠦӨндөр сайрмын эхэнд

ᠠᠩᠭᠢᠯᠠᠯ:ᠳᠠᠭᠤᠤ ᠬᠥᠭᠵᠢᠮ
2023-04-20

276

ᠥᠨᠲᠦᠷ ᠰᠠᠢᠷᠠᠮ ᠤᠨ ᠡᠬᠢᠨ ᠳᠦ 

ᠦᠨᠲᠦᠷ ᠰᠠᠶ᠋ᠢᠷᠠᠮ ᠦ᠋ᠨ ᠡᠬᠢᠨ ᠳᠦ 

ᠡᠭᠦᠯᠡ ᠮᠠᠨᠠᠨ ᠲᠠᠲᠠᠨ᠎ᠠ ᠂ 
ᠦᠷᠭᠦᠯᠵᠢ ᠰᠡᠷᠪᠡᠭᠡᠷ ᠪᠠᠶ᠋ᠢᠲᠠᠯ ᠲᠠᠢ ᠥᠷᠭᠦᠭᠡᠨ ᠳ᠋ᠦ᠍ᠨᠢ 
ᠡᠭᠦᠷᠢᠯᠡᠵᠦ ᠰᠠᠭᠤᠭᠠᠳ ᠵᠢᠷᠭᠠᠨ᠎ᠠ ᠃ 

ᠨᠠᠢ᠍ᠮᠠᠨ ᠲᠠᠷᠠᠮ  ( ᠬᠠᠨ᠎ᠠ   ) ᠲᠠᠢ ᠥᠷᠭᠦᠭᠡᠨ᠎ᠳ᠋ᠦ᠍ᠨᠢ 
ᠨᠠᠮᠤᠷᠵᠢᠵᠤ ᠬᠠᠪᠤᠷᠵᠢᠭᠠᠳ ᠰᠡᠭᠦᠷᠢᠯᠡᠨ᠎ᠡ ᠂ 
ᠨᠠᠰᠤ ᠪᠠᠬ᠋᠎ᠠ ᠲᠠ ᠨᠠᠷ ᠲᠠᠢ ᠪᠠᠨ 
ᠨᠠᠶ᠋ᠢᠷᠯᠠᠵᠤ ᠰᠠᠭᠤᠭᠠᠳ ᠵᠢᠷᠭᠠᠨ᠎ᠠ ᠃ 

ᠠᠷᠪᠠᠨ ᠲᠠᠷᠠᠮ ᠲᠠᠢ ᠥᠷᠭᠦᠭᠡᠨ ᠳ᠋ᠦ᠍ᠨᠢ
ᠠᠶᠠᠲᠠᠢ ᠰᠠᠶ᠋ᠢᠬᠠᠨ ᠰᠡᠭᠦᠷᠢᠯᠡᠨ᠎ᠡ ᠂
ᠠᠨᠲᠠ ᠨᠥᠬᠥᠷ ᠲᠠ ᠨᠠᠷ ᠲᠠᠢ ᠪᠠᠨ
ᠠᠯᠢᠶᠠᠷᠬᠠᠵᠤ ᠰᠠᠭᠤᠭᠠᠳ ᠵᠢᠷᠭᠠᠨ᠎ᠠ ᠃


ᠨᠠᠶᠠᠨ ᠨᠠᠰᠤ ᠲᠠᠢ ᠠᠪᠣ ᠳ᠋ᠠᠭᠠᠨ
ᠨᠠᠮᠦᠷ ᠦ᠋ᠨ ᠭᠤᠷᠪᠠ ᠵᠣᠯᠭᠠᠨ᠎ᠠ ᠂
ᠨᠠᠶ᠋ᠢᠵᠠ ᠣᠯᠠᠨ ᠲᠠ ᠨᠠᠷ ᠲᠠᠢ ᠪᠠᠨ
ᠨᠠᠭᠠᠤᠠᠴᠤ ᠰᠠᠭᠤᠭᠠᠳ ᠵᠢᠷᠭᠠᠨ᠎ᠠ ᠃

ᠢᠵᠢᠯ ᠦ᠋ᠨ ᠰᠢᠷ᠎ᠡ ᠲᠣᠬᠤᠢ᠎ᠳ᠋ᠦ᠍ᠨᠢ
ᠢᠵᠢᠯᠢ ᠲᠠᠢ ᠮᠠᠯ ᠦ᠋ᠳ ᠢᠲᠡᠰᠢᠯᠡᠨ᠎ᠡ  
ᠡᠶᠡᠯᠳᠡᠭ ᠵᠠᠩ ᠲᠠᠢ ᠲᠠ ᠨᠠᠷ ᠲᠠᠢ ᠪᠠᠨ
ᠡᠷᠭᠢᠵᠦ ᠰᠠᠭᠤᠭᠠᠳ ᠨᠠᠶ᠋ᠢᠷᠯᠠᠨ᠎ᠠ ᠃ 


   ᠦᠰᠦᠭ ᠠᠮᠢᠯᠠᠭᠤᠯᠤᠭᠴᠢ ᠄  ᠨᠠᠷᠠᠨᠲᠤᠶᠠᠭ᠎ᠠ
   ᠬᠢᠨᠠᠭᠴᠢ ᠄ ᠣᠤᠠᠬᠠᠨᠰᠣ᠎ᠠ᠂ ᠤᠶᠠᠬᠠᠨ