ᠬᠣᠣᠰ ᠢ᠋ᠶ᠋ᠠᠷ ᠢ᠋ᠶ᠋ᠠᠨ- ᠣᠶᠤᠨᠪᠠᠲᠤ · ᠪᠠᠳᠠᠷᠠᠯᠮ᠎ᠠKhosoro-Oyuunbat · BadralamХосоороо-Оюунбат · Бадралам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠣᠰ ᠢ᠋ᠶ᠋ᠠᠷ ᠢ᠋ᠶ᠋ᠠᠨ- ᠣᠶᠤᠨᠪᠠᠲᠤ · ᠪᠠᠳᠠᠷᠠᠯᠮ᠎ᠠKhosoro-Oyuunbat · BadralamХосоороо-Оюунбат · Бадралам

ᠬᠣᠣᠰ ᠢ᠋ᠶ᠋ᠠᠷ ᠢ᠋ᠶ᠋ᠠᠨ- ᠣᠶᠤᠨᠪᠠᠲᠤ · ᠪᠠᠳᠠᠷᠠᠯᠮ᠎ᠠKhosoro-Oyuunbat · BadralamХосоороо-Оюунбат · Бадралам

ᠠᠩᠭᠢᠯᠠᠯ:ᠳᠠᠭᠤᠤ ᠬᠥᠭᠵᠢᠮ
2024-04-20

638

ᠬᠣᠣᠰ ᠢ᠋ᠶ᠋ᠠᠷ ᠢ᠋ᠶ᠋ᠠᠨ- ᠣᠶᠤᠨᠪᠠᠲᠤ · ᠪᠠᠳᠠᠷᠠᠯᠮ᠎ᠠ 

 ᠦᠭᠡ ᠄ ᠳ · ᠪᠠᠲᠤᠰᠠᠭᠤᠷᠢ 
 ᠠᠶ᠎ᠠ ᠄ ᠲ · ᠨᠠᠶ᠋ᠢᠲᠠᠨᠵᠠᠪ 
 ᠳᠠᠭᠤᠴᠢᠨ ᠄ ᠣᠶᠤᠨᠪᠠᠲᠤ · ᠪᠠᠳᠠᠷᠠᠯᠮ᠎ᠠ 

ᠰᠦᠨ ᠳᠡᠪᠡᠯ ᠲᠡᠢ ᠬᠥᠮᠦᠨ ᠦ᠌ ᠣᠷᠴᠢᠯᠠᠩ ᠳ᠋ᠤ᠌ ᠪᠡᠨ 
ᠰᠡᠳᠬᠢᠯ ᠦ᠋ᠨ ᠰᠠᠢᠬᠠᠨ ᠊ᠢ ᠬᠠᠶ᠋ᠢᠷ᠎ᠠ ᠪᠠᠷ ᠪᠠᠳᠠᠷᠠᠭᠠᠯ᠎ᠠ 
ᠬᠣᠩᠭᠣᠷ ᠠᠮᠠᠷᠠᠭ ᠴᠢᠮ᠎ᠠ ᠲᠠᠢ ᠪᠠᠨ ᠬᠠᠮᠲᠤ ᠳ᠋ᠤ᠌ ᠪᠡᠨ 
ᠬᠣᠣᠰ ᠮᠣᠷᠢ ᠪᠠᠷ ᠢ᠋ᠶ᠋ᠠᠨ ᠬᠠᠲᠠᠷᠢᠭᠤᠯᠵᠤ ᠶᠠᠪᠤᠨ᠎ᠠ 

ᠬᠠᠵᠠᠭᠠᠷ ᠳᠠᠷᠤᠬᠤ ᠬᠦᠯᠦᠭ ᠮᠢᠨᠢ ᠬᠣᠣᠰ ᠢ᠋ᠶ᠋ᠠᠷ ᠢ᠋ᠶ᠋ᠠᠨ 
ᠬᠠᠨᠢᠯᠠᠨ ᠤᠴᠠᠷᠠᠬᠤ ᠲᠠᠪᠢᠯᠠᠩ ᠬᠣᠣᠰ ᠢ᠋ᠶ᠋ᠠᠷ ᠢ᠋ᠶ᠋ᠠᠨ 
ᠬᠠᠷᠰᠢᠬᠤ ᠳᠥᠷᠦᠭᠡᠨ ᠦ᠌ ᠤᠶᠠᠩᠭ᠎ᠠ ᠬᠣᠣᠰ ᠢ᠋ᠶ᠋ᠠᠷ ᠢ᠋ᠶ᠋ᠠᠨ 
ᠬᠠᠷᠭᠤᠢ ᠳ᠋ᠤ᠌ ᠦᠯᠡᠳᠡᠬᠦ ᠮᠥᠷ ᠮᠢᠨᠢ ᠬᠣᠣᠰ ᠢ᠋ᠶ᠋ᠠᠷ ᠢ᠋ᠶ᠋ᠠᠨ 

ᠨᠠᠷᠠᠨ ᠮᠠᠨᠳᠤᠬᠤ ᠠᠭᠤᠳᠠᠮ ᠬᠣᠷᠸ᠋᠎ᠠ ᠳ᠋ᠤ᠌ ᠪᠡᠨ
ᠨᠠᠨᠳᠢᠨ ᠠᠷᠢᠭᠤᠨ ᠬᠠᠶ᠋ᠢᠷ᠎ᠠ ᠪᠠᠨ ᠳᠡᠭᠡᠳᠦᠯᠡᠯ᠎ᠡ
ᠵᠢᠷᠦᠬᠡᠨ ᠦ᠌ ᠪᠢᠴᠢᠬᠠᠨ ᠴᠢᠮ᠎ᠠ ᠲᠠᠢ ᠪᠠᠨ ᠵᠢᠷᠭᠠᠭᠠᠳ
ᠵᠢᠰᠦ ᠬᠤᠸᠠᠷᠯᠠᠨ ᠳᠠᠪᠬᠢᠭᠤᠯᠵᠤ ᠶᠠᠪᠤᠨ᠎ᠠ

ᠬᠠᠵᠠᠭᠠᠷ ᠳᠠᠷᠤᠬᠤ ᠬᠦᠯᠦᠭ ᠮᠢᠨᠢ ᠬᠣᠣᠰ ᠢ᠋ᠶ᠋ᠠᠷ ᠢ᠋ᠶ᠋ᠠᠨ
ᠬᠠᠨᠢᠯᠠᠨ ᠤᠴᠠᠷᠠᠬᠤ ᠲᠠᠪᠢᠯᠠᠩ ᠬᠣᠣᠰ ᠢ᠋ᠶ᠋ᠠᠷ ᠢ᠋ᠶ᠋ᠠᠨ
ᠬᠠᠷᠰᠢᠬᠤ ᠳᠥᠷᠦᠭᠡᠨ ᠦ᠌ ᠤᠶᠠᠩᠭ᠎ᠠ ᠬᠣᠣᠰ ᠢ᠋ᠶ᠋ᠠᠷ ᠢ᠋ᠶ᠋ᠠᠨ
ᠬᠠᠷᠭᠤᠢ ᠳ᠋ᠤ᠌ ᠦᠯᠡᠳᠡᠬᠦ ᠮᠥᠷ ᠮᠢᠨᠢ ᠬᠣᠣᠰ ᠢ᠋ᠶ᠋ᠠᠷ ᠢ᠋ᠶ᠋ᠠᠨ

ᠡᠷᠬᠡᠰ ᠲᠩᠷᠢ ᠲᠡᠢ ᠡᠨᠡᠬᠡᠨ ᠽᠠᠮᠪᠤᠯᠢᠩ ᠳ᠋ᠤ᠌
ᠢᠲᠡᠭᠡᠯ ᠦ᠋ᠨ ᠭᠡᠷᠡᠯ ᠲᠡᠢ ᠬᠠᠶ᠋ᠢᠷ᠎ᠠ ᠪᠠᠷ ᠴᠡᠯᠮᠡᠭᠡᠳ
ᠡᠪ ᠦ᠋ᠨ ᠰᠡᠳᠬᠢᠯ ᠢ᠋ᠶ᠋ᠡᠷ ᠪᠡᠶᠡᠰ ᠢ᠋ᠶ᠋ᠡᠨ ᠬᠠᠶ᠋ᠢᠷᠠᠯᠠᠭᠠᠳ
ᠢᠵᠢᠯᠬᠡᠨ ᠬᠦᠯᠦᠭ ᠢ᠋ᠶ᠋ᠡᠷ ᠢ᠋ᠶ᠋ᠡᠨ ᠬᠤᠷᠳᠤᠯᠠᠵᠤ ᠶᠠᠪᠤᠨ᠎ᠠ

ᠬᠠᠵᠠᠭᠠᠷ ᠳᠠᠷᠤᠬᠤ ᠬᠦᠯᠦᠭ ᠮᠢᠨᠢ ᠬᠣᠣᠰ ᠢ᠋ᠶ᠋ᠠᠷ ᠢ᠋ᠶ᠋ᠠᠨ
ᠬᠠᠨᠢᠯᠠᠨ ᠤᠴᠠᠷᠠᠬᠤ ᠲᠠᠪᠢᠯᠠᠩ ᠬᠣᠣᠰ ᠢ᠋ᠶ᠋ᠠᠷ ᠢ᠋ᠶ᠋ᠠᠨ
ᠬᠠᠷᠰᠢᠬᠤ ᠳᠥᠷᠦᠭᠡᠨ ᠦ᠌ ᠤᠶᠠᠩᠭ᠎ᠠ ᠬᠣᠣᠰ ᠢ᠋ᠶ᠋ᠠᠷ ᠢ᠋ᠶ᠋ᠠᠨ
ᠬᠠᠷᠭᠤᠢ ᠳ᠋ᠤ᠌ ᠦᠯᠡᠳᠡᠬᠦ ᠮᠥᠷ ᠮᠢᠨᠢ ᠬᠣᠣᠰ ᠢ᠋ᠶ᠋ᠠᠷ ᠢ᠋ᠶ᠋ᠠᠨ
ᠬᠠᠵᠠᠭᠠᠷ ᠳᠠᠷᠤᠬᠤ ᠬᠦᠯᠦᠭ ᠮᠢᠨᠢ ᠬᠣᠣᠰ ᠢ᠋ᠶ᠋ᠠᠷ ᠢ᠋ᠶ᠋ᠠᠨ
ᠬᠠᠨᠢᠯᠠᠨ ᠤᠴᠠᠷᠠᠬᠤ ᠲᠠᠪᠢᠯᠠᠩ ᠬᠣᠣᠰ ᠢ᠋ᠶ᠋ᠠᠷ ᠢ᠋ᠶ᠋ᠠᠨ
ᠬᠠᠷᠰᠢᠬᠤ ᠳᠥᠷᠦᠭᠡᠨ ᠦ᠌ ᠤᠶᠠᠩᠭ᠎ᠠ ᠬᠣᠣᠰ ᠢ᠋ᠶ᠋ᠠᠷ ᠢ᠋ᠶ᠋ᠠᠨ
ᠬᠠᠷᠭᠤᠢ ᠳ᠋ᠤ᠌ ᠦᠯᠡᠳᠡᠬᠦ ᠮᠥᠷ ᠮᠢᠨᠢ ᠬᠣᠣᠰ ᠢ᠋ᠶ᠋ᠠᠷ ᠢ᠋ᠶ᠋ᠠᠨ
ᠬᠠᠨᠢᠯᠠᠨ ᠤᠴᠠᠷᠠᠬᠤ ᠲᠠᠪᠢᠯᠠᠩ ᠬᠣᠣᠰ ᠢ᠋ᠶ᠋ᠠᠷ ᠢ᠋ᠶ᠋ᠠᠨ

  ᠦᠰᠦᠭ ᠬᠠᠳᠠᠭᠴᠢ ᠄ ᠰᠡᠷᠭᠦᠯᠡᠩ
  ᠦᠰᠦᠭ ᠠᠮᠢᠯᠠᠭᠤᠯᠤᠭᠴᠢ ᠄ ᠪᠠᠶᠠᠨᠰᠡᠷᠡᠩ
  ᠬᠢᠨᠠᠭᠴᠢ ᠪᠠᠭᠰᠢ ᠄ ᠰᠡᠷᠭᠦᠯᠡᠩ · ᠣᠳᠬᠣᠨᠴᠡᠴᠡᠭ · ᠣᠤᠠᠬᠠᠨᠰᠣ᠎ᠠ