ᠬᠠᠪᠤᠷ ᠦ᠋ᠨ ᠰᠠᠶ᠋ᠢᠬᠠᠨ - ᠦᠭᠡ ᠄ ᠴ ᠂ ᠮᠥᠩᠬᠡᠰᠦ᠋ᠷᠦᠩ ᠂ ᠠᠶ᠎ᠠ ᠄ ᠠ ᠂ ᠰᠦᠰᠦᠯ Хаврын сайхан - Үг ᠄ Ч ᠂ Мөнхсүрэн ᠂ Ая ᠄ А ᠂ Сөсөл
ᠬᠠᠪᠤᠷ ᠦ᠋ᠨ ᠰᠠᠶ᠋ᠢᠬᠠᠨ
ᠦᠭᠡ ᠄ ᠴ ᠂ ᠮᠥᠩᠬᠡᠰᠦ᠋ᠷᠦᠩ
ᠠᠶ᠎ᠠ ᠄ ᠠ ᠂ ᠰᠦᠰᠦᠯ
ᠨᠠᠷᠠᠭᠤᠯ ᠳᠤᠯᠠᠭᠠᠨ ᠡᠩᠭᠡᠷ ᠶ᠋ᠢᠡᠷ
ᠨᠢᠯᠬ᠎ᠠ ᠨᠣᠭᠣᠬ᠋᠎ᠠ ᠴᠤᠬᠤᠶ᠋ᠢᠨᠠ ᠂
ᠨᠢᠷᠠᠢ ᠬᠤᠷᠠᠬ᠋ᠠ ᠨᠤᠭᠤᠳ ᠰᠦᠭᠦᠲᠦᠯᠴᠡᠬ᠋ᠳ
ᠨᠣᠭᠣᠬ᠋᠎ᠠ ᠴᠢᠮᠬᠢᠯᠡᠨ ᠪᠥᠭᠡᠨᠡᠯᠲᠦᠨᠡ ᠃
ᠪᠤᠷᠭᠠᠰᠤᠨ ᠮᠣᠷᠢ ᠪᠠᠨ ᠤᠨᠤᠯᠴᠠᠭᠠᠳ
ᠪᠤᠯᠪᠠᠷᠠᠢ ᠬᠡᠦᠬᠡᠳ ᠦ᠋ᠳ ᠳᠠᠪᠬᠢᠯᠳᠤᠨ᠎ᠠ ᠂
ᠳᠠᠪᠬᠢᠭᠤᠯᠵᠤ ᠳᠡᠪᠬᠡᠷᠦᠨ ᠭᠦᠶᠦᠯᠴᠡᠭᠡᠳ
ᠪᠤᠴᠠᠭᠠᠵᠤ ᠬᠣᠨᠢ ᠪᠠᠨ ᠴᠤᠭᠯᠠᠭᠤᠯᠤᠨ᠎ᠠ ᠃
ᠡᠭᠡᠯᠢᠲᠦ ᠲᠠᠯ᠎ᠠ ᠶ᠋ᠢᠨ ᠡᠯᠢᠭᠡᠨ ᠳ᠋ᠤ᠌
ᠡᠷᠲᠡᠨᠢ ᠶ᠋ᠢᠨ ᠰᠦᠷᠦᠭ ᠱᠠᠭᠢᠵᠤ ᠪᠠᠶ᠋ᠢᠨ᠎ᠠ ᠂
ᠡᠬᠡᠵᠢᠶᠡᠯ ᠤᠯᠠᠨ ᠬᠣᠨᠢ ᠦ᠋ᠳ
ᠢᠪᠢᠯᠦᠭᠡᠳ ᠬᠤᠷᠠᠬ᠋ᠠ ᠪᠠᠨ ᠬᠦᠬᠦᠬᠦᠯᠵᠦ ᠪᠠᠶ᠋ᠢᠨ᠎ᠠ ᠃
ᠥᠷᠨᠢᠭᠦᠨ ᠬᠠᠪᠤᠷ ᠦ᠋ᠨ ᠤᠯᠠᠷᠢᠯ
ᠡᠬᠡ ᠨᠤᠲᠤᠭ ᠊ᠢ ᠮᠢᠨᠢ ᠪᠦᠪᠡᠶ᠋ᠢᠯᠡᠵᠦ ᠪᠠᠶ᠋ᠢᠨ᠎ᠠ
ᠥᠨᠢᠷ ᠦᠷᠡᠵᠢᠯᠲᠦ ᠶ᠋ᠢᠨ ᠪᠠᠶᠠᠷ
ᠡᠵᠡᠨ ᠮᠠᠯᠴᠢᠳ ᠶ᠋ᠢᠠᠨ ᠪᠠᠶᠠᠰᠬᠠᠵᠤ ᠪᠠᠶ᠋ᠢᠨ᠎ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠮᠢᠭᠮᠡᠷ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ18 ᠪ ᠡᠲᠦᠷ
