ᠴᠣᠶ᠋ᠢᠵᠢᠨ ᠴᠠᠭᠠᠨ ᠨᠠᠭᠤᠷ – ᠦᠭᠡ ᠄ ᠠ · ᠪᠠᠲᠦᠮᠥᠢ᠍ᠩᠬᠡ ᠂ ᠠᠶ᠎ᠠ ᠄ ᠠ · ᠰᠦᠰᠦᠯ Чойжин цагаан нуур – Үг ᠄ А · Батмөнх ᠂ Ая ᠄ А · Сөсөл
ᠴᠣᠶ᠋ᠢᠵᠢᠨ ᠴᠠᠭᠠᠨ ᠨᠠᠭᠤᠷ
ᠦᠭᠡ ᠄ ᠠ · ᠪᠠᠲᠦᠮᠥᠢ᠍ᠩᠬᠡ
ᠠᠶ᠎ᠠ ᠄ ᠠ· ᠰᠦᠰᠦᠯ
ᠠᠷᠢᠭᠤᠨ ᠲᠤᠩᠭᠠᠯᠠᠭ ᠤᠰᠤᠨ ᠪ ᠬᠥᠪᠡᠭᠡ ᠪᠡᠷ ᠨᠢ
ᠠᠯᠠᠭ ᠴᠡᠴᠡᠭ ᠮᠢᠷᠠᠯᠵᠠᠨ ᠳᠡᠯᠭᠡᠷᠡᠭᠰᠡᠨ
ᠠᠯᠲᠠᠯᠠᠨ ᠬᠥᠬᠡᠷᠡᠭᠰᠡᠨ ᠨᠠᠷᠠᠰᠤᠨ ᠰᠢᠭᠤᠢ
ᠠᠷᠤ ᠲᠠᠯ᠎ᠠ ᠪᠠᠷ ᠨᠢ ᠤᠨᠢᠶᠠᠷᠲᠤᠨ ᠬᠥᠰᠢᠭᠡᠯᠡᠭᠰᠡᠨ
ᠠ ᠬᠠ ᠬᠥᠢ ᠴᠣᠶ᠋ᠢᠵᠢᠨ ᠴᠠᠭᠠᠨ ᠮᠢᠨᠢ
ᠦᠵᠡᠮᠵᠢᠲᠦ ᠨᠠᠭᠤᠷ ᠡ
ᠠ ᠬᠠ ᠬᠥᠢ ᠴᠡᠩᠭᠡᠯᠲᠦ ᠮᠠᠯᠴᠢᠳ ᠦ᠋ᠨ ᠰᠡᠷᠢᠭᠦᠨ ᠵᠤᠰᠠᠯᠠᠩ
ᠰᠡᠷᠢᠭᠦᠨ ᠵᠤᠰᠠᠯᠠᠩ ᠰᠡᠷᠢᠭᠦᠨ ᠵᠤᠰᠠᠯᠠᠩ
ᠠᠯᠲᠠᠨ ᠬᠠᠲᠠᠨ ᠪ ᠡᠩᠭᠡᠷ ᠰᠤᠭᠤ ᠪᠠᠷ
ᠠᠪᠤᠷᠭᠤ ᠵᠢᠶᠠᠰᠠ ᠰᠦᠨᠲᠡᠷᠯᠡᠨ ᠪᠣᠰᠤᠭᠰᠠᠨ ᠂
ᠠᠴᠢᠲᠤ ᠨᠠᠮ ᠦ᠋ᠨ ᠢᠪᠡᠭᠡᠯ ᠬᠠᠶ᠋ᠢᠷ᠎ᠠ ᠪᠡᠷ
ᠠᠵᠠ ᠵᠢᠷᠭᠠᠯ ᠬᠠᠯᠭᠢᠯᠠᠨ ᠤᠨᠲᠤᠷᠤᠭᠰᠠᠨ ᠃
ᠠ ᠬᠠ ᠬᠥᠢ ᠂ ᠴᠣᠶ᠋ᠢᠵᠢᠨ ᠴᠠᠭᠠᠨ ᠮᠢᠨᠢ
ᠬᠥᠭᠵᠢᠶᠡᠨᠲᠦ ᠨᠠᠭᠤᠷ ᠡ ᠂
ᠠ ᠬᠠ ᠬᠥᠢ ᠂ ᠬᠦᠲᠡᠯᠮᠦᠷᠢᠴᠢ ᠮᠠᠯᠴᠢᠳ ᠦ᠋ᠨ
ᠬᠦᠰᠡᠯᠡᠩᠲᠦ ᠵᠤᠰᠠᠯᠠᠩ ᠡ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ18 ᠪ ᠡᠲᠦᠷ

