ᠨᠠᠮᠤᠷ ᠰᠠᠶ᠋ᠢᠬᠠᠨ – ᠦᠭᠡ ᠄ ᠨᠠ · ᠳ᠋ᠠᠰᠢᠨᠢᠮ᠎ᠠ ᠂ ᠠᠶ᠎ᠠ ᠄ ᠠ · ᠰᠦᠰᠦᠯ Намар сайхан – Үг ᠄ Н · Дашням ᠂ Ая ᠄ А · Сөсөл
ᠨᠠᠮᠤᠷ ᠰᠠᠢᠬᠠᠨ
ᠦᠭᠡ ᠄ ᠨᠠ ᠂ ᠳ᠋ᠠᠰᠢᠨᠢᠮ᠎ᠠ
ᠠᠶ᠎ᠠ ᠄ ᠠ · ᠰᠦᠰᠦᠯ
ᠲᠤᠭᠤᠨᠠᠲᠤ ᠦᠷᠭᠦᠭᠡ ᠭᠡᠷ ᠡᠴᠡ ᠮᠢᠨᠢ
ᠲᠤᠩᠭᠠᠯᠠᠭ ᠤᠭᠲᠠᠷᠭᠤᠢ ᠴᠠᠶ᠋ᠢᠯᠵᠠᠭᠠᠳ
ᠲᠦᠮᠡ ᠮᠢᠩᠭᠠᠨ ᠰᠥᠷᠦᠭ ᠲᠦ ᠮᠢᠨᠢ
ᠲᠤᠰᠤᠨ ᠲᠠᠷᠭᠤ ᠬᠠᠯᠭᠢᠯᠠᠭᠠᠳ
ᠨᠠᠮᠤᠷ ᠰᠠᠶ᠋ᠢᠬᠠᠨ
ᠨᠠᠮᠤᠷ ᠰᠠᠶ᠋ᠢᠬᠠᠨ
ᠪᠠᠶᠠᠨ ᠨᠠᠮᠤᠷ ᠮᠢᠨᠢ ᠨᠠᠮᠤᠷ ᠮᠢᠨᠢ ᠦᠵᠡᠮᠵᠢᠲᠡᠢ ᠳ᠋ᠠ
ᠬᠠᠩᠭᠠᠢ ᠠᠭᠤᠲᠠᠮ ᠲᠠᠯ᠎ᠠ ᠳ᠋ᠤ᠌ ᠮᠢᠨᠢ
ᠬᠢᠶᠠᠭ ᠠᠬᠢ ᠬᠠᠯᠢᠭᠤᠷᠠᠭᠠᠳ ᠂
ᠬᠠᠲᠤᠯᠠᠩ ᠦ᠋ᠨ ᠬᠥᠭᠵᠢᠶᠡᠨᠲᠦ ᠲᠠᠯᠠᠪᠠᠢ ᠳ᠋ᠤ᠌
ᠬᠠᠨᠢ ᠨᠦᠬᠦᠳ ᠢᠨᠢᠶᠡᠯᠲᠦᠭᠡᠳ ᠃
ᠨᠠᠮᠤᠷ ᠰᠠᠶ᠋ᠢᠬᠠᠨ ᠂ ᠨᠠᠮᠤᠷ ᠰᠠᠶ᠋ᠢᠬᠠᠨ
ᠦᠩ ᠨᠠᠮᠤᠷ ᠮᠢᠨᠢ ᠂ ᠨᠠᠮᠤᠷ ᠮᠢᠨᠢ ᠨᠠᠷᠭᠢᠶᠠᠨᠲᠠᠢ ᠃
ᠬᠦᠬᠡᠷᠡᠬᠦ ᠰᠢᠯᠢ ᠶ᠋ᠢᠨ ᠵᠣ᠋ ᠪᠠᠷ
ᠬᠦᠷᠢᠶ᠎ᠡ ᠮᠥᠭᠥ ᠢᠷᠠᠶ᠋ᠢᠭᠠᠳ ᠂
ᠬᠦᠲᠡᠭᠡ ᠶ᠋ᠢᠨ ᠲᠡᠨᠢᠭᠡᠷ ᠨᠤᠲᠤᠭ ᠲᠤ ᠮᠢᠨᠢ
ᠬᠥᠭᠰᠢᠳ ᠦ᠋ᠨ ᠨᠠᠷᠠ ᠢᠪᠡᠭᠡᠭᠡᠳ ᠃
ᠨᠠᠮᠤᠷ ᠰᠠᠶ᠋ᠢᠬᠠᠨ᠂ ᠨᠠᠮᠤᠷ ᠰᠠᠶ᠋ᠢᠬᠠᠨ
ᠲᠣᠷᠭᠠᠨ ᠨᠠᠮᠤᠷ ᠮᠢᠨᠢ ᠂ ᠨᠠᠮᠤᠷ ᠮᠢᠨᠢ ᠵᠢᠷᠭᠠᠯ ᠲᠠᠢ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠳᠠᠰᠢᠮ᠎ᠠ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ18 ᠪ ᠡᠲᠦᠷ

