ᠲᠣᠷᠭᠠᠨ ᠨᠥᠬᠥᠭᠡᠰᠦ – ᠲ ᠂ ᠭᠣᠮᠪᠣᠵᠠᠪ Торгон нөхөөс – Т ᠂ Гомбожав
ᠲᠣᠷᠭᠠᠨ ᠨᠥᠬᠥᠭᠡᠰᠦ
ᠲ ᠂ ᠭᠣᠮᠪᠣᠵᠠᠪ
ᠴᠠᠭ ᠠᠭᠤᠷ ᠤᠨ ᠮᠡᠳᠡᠭᠡ
ᠡᠨᠡ ᠰᠥᠨᠢ ᠲᠤᠩᠭᠠᠯᠠᠭ ᠂ ᠬᠡᠰᠡᠭ ᠲᠡᠭᠡᠨ ᠡᠭᠦᠯᠡ ᠲᠡᠢ
ᠡᠩᠭᠡᠷ ᠬᠥᠪᠡᠭᠡᠯᠡᠵᠦ ᠳᠤᠯᠠᠭᠠᠨ ᠤ ᠬᠡᠮᠵᠢᠶ᠎ᠡ ᠪᠠᠭᠤᠷᠠᠨ᠎ᠠ
ᠡᠭᠡᠷᠡᠮ᠎ᠡ ᠶ᠋ᠢᠨ ᠮᠠᠨᠳᠠᠯ ᠢᠶ᠋ᠠᠷ ᠰᠢᠷᠬᠠᠳᠤᠭᠰᠠᠨ ᠭᠠᠯᠠᠭᠤ
ᠵᠡᠭᠦᠨ ᠡᠴᠡ ᠪᠠᠷᠠᠭᠤᠨᠰᠢ ᠨᠢᠭᠡ ᠤᠳᠠᠭ᠎ᠠ ᠥᠩᠭᠡᠷᠡᠨ᠎ᠡ
ᠡᠯᠡᠰᠦ ᠂ ᠨᠣᠭᠲᠣ ᠲᠠᠢ ᠲᠡᠮᠡᠭᠡᠨ ᠦ ᠲᠠᠪᠠᠭ ᠲᠡᠪᠡᠷᠢᠵᠦ
ᠡᠯᠢᠭᠡ ᠪᠡᠨ ᠬᠤᠵᠢᠷᠲᠤᠲᠠᠯᠠ ᠡᠪᠬᠡᠷᠡᠨᠡ
ᠡᠩᠭᠡᠷ ᠲᠡᠭᠡᠨ ᠣᠳᠣ ᠲᠠᠢ ᠪᠦᠳᠦᠭᠦᠨ ᠬᠠᠷ᠎ᠠ ᠡᠷ᠎ᠡ
ᠡᠭᠦᠳᠡ ᠪᠡᠷ ᠰᠡᠮᠬᠡᠨ ᠰᠢᠷᠭᠤᠵᠤ
ᠡᠷ᠎ᠡ ᠡᠮ᠎ᠡ ᠶ᠋ᠢᠨ ᠡᠪᠦᠷ ᠪᠢᠲᠡᠭᠦᠦ ᠶᠠᠷᠢᠶ᠎ᠠ ᠶ᠋ᠢ
ᠬᠠᠷ᠎ᠠ ᠰᠠᠨᠠᠵᠤ ᠴᠢᠩᠨᠠᠨ᠎ᠠ ᠡ
ᠡᠬᠡ ᠬᠤᠷᠤ᠎ᠠ ᠶ᠋ᠢᠨ ᠲᠦᠮᠡᠨ ᠨᠢᠳᠦ
ᠡᠨᠡ ᠰᠥᠨᠢ ᠠᠨᠢᠬᠤ ᠦᠭᠡᠢ
ᠡᠷᠲᠡ ᠪᠣᠰᠪᠠᠯ ᠂ ᠤᠬᠢᠯᠠᠵᠤ ᠤᠯᠠᠶ᠋ᠢᠭᠰᠠᠨ ᠨᠢᠭᠡ ᠨᠢᠳᠦᠨ ᠡᠴᠡ
ᠭᠠᠯ ᠨᠣᠴᠣᠬᠤ ᠶ᠋ᠢ ᠣᠯᠵᠤ ᠦᠵᠡᠨ᠎ᠡ ᠡ ᠁
ᠡᠩᠬᠡ ᠲᠠᠶ᠋ᠢᠪᠤᠩ
ᠡᠭᠦᠯᠡ ᠲᠡᠢ ᠲᠡᠭᠷᠢ ᠶ᠋ᠢᠨ ᠵᠠᠪᠰᠠᠷ ᠢᠶ᠋ᠠᠷ ᠡᠵᠢ ᠶ᠋ᠢᠨ ᠨᠢᠳᠦ ᠬᠠᠷᠠᠭᠳᠠᠨ᠎ᠠ ᠃
ᠡᠩᠬᠡ ᠲᠠᠶ᠋ᠢᠪᠤᠩ ᠬᠠᠷᠠᠭᠳᠠᠨ᠎ᠠ ᠡ
ᠡᠪᠡᠰᠦᠨ ᠣᠷᠣᠢ ᠳ᠋ᠤ᠌ ᠡᠳᠦᠷ ᠳᠠᠭᠤᠰᠤᠨ ᠭᠢᠯᠠᠯᠵᠠᠬᠤ
ᠡᠷᠲᠡ ᠶ᠋ᠢᠨ ᠲᠡᠷᠡ ᠰᠡᠭᠦᠳᠡᠷ ᠦᠨ ᠮᠥᠬᠥᠯᠢᠭ —
ᠡᠩᠬᠡ ᠲᠠᠶ᠋ᠢᠪᠤᠩ ᠪᠠᠶ᠋ᠢᠨᠠᠮ
ᠡᠵᠡᠭᠦᠢ ᠶ᠋ᠢᠨ ᠲᠡᠷᠡ ᠪᠠᠯᠠᠷ ᠰᠢᠭᠤᠢ ᠳᠤᠮᠳᠠ
ᠡᠭᠦᠷ ᠲᠠᠢ ᠦᠷ᠎ᠡ ᠲᠠᠢ ᠲᠠᠤᠯᠠᠢ ᠶ᠋ᠢᠨ
ᠥᠭᠡᠳᠡ ᠤᠷᠤᠭᠤ ᠠᠯᠢᠶᠠᠯᠠᠭᠰᠠᠨ ᠮᠥᠷ —
ᠡᠩᠬᠡ ᠲᠠᠶ᠋ᠢᠪᠤᠩ ᠪᠠᠶ᠋ᠢᠨᠠᠮ
ᠡᠷ᠎ᠡ ᠶ᠋ᠢᠨ ᠪᠣᠳᠣᠯ ᠳ᠋ᠤ᠌ ᠭᠤᠨᠢᠭ ᠤᠨᠠᠭᠠᠵᠤ
ᠡᠷᠡᠭᠦᠯ ᠤᠬᠠᠭᠠᠨ ᠳ᠋ᠤ᠌ ᠰᠢᠷᠬ᠎ᠠ ᠬᠠᠲᠠᠵᠤ
ᠡᠨᠳᠡ ᠡᠴᠡ ᠲᠡᠨᠳᠡ ᠪᠠᠭᠤᠬᠤ ᠭᠠᠵᠠᠷ ᠢᠶ᠋ᠠᠨ ᠣᠯᠬᠤ ᠦᠭᠡᠢ
ᠡᠷᠢᠯ ᠳ᠋ᠦ᠍ ᠵᠦᠳᠡᠬᠦ ᠴᠠᠭᠠᠨ ᠲᠠᠭᠲᠠᠭ᠎ᠠ
ᠡᠩᠬᠡ ᠲᠠᠶ᠋ᠢᠪᠤᠩ ᠪᠠᠶ᠋ᠢᠨᠠᠮ
ᠡᠭᠦᠯᠡ ᠲᠡᠭᠷᠢ ᠶ᠋ᠢᠨ ᠵᠠᠪᠰᠠᠷ ᠢᠶ᠋ᠠᠷ ᠬᠣᠯᠠ ᠶ᠋ᠢᠨ ᠣᠳᠣ ᠬᠠᠷᠠᠭᠳᠠᠨ᠎ᠠ
ᠡᠩᠬᠡ ᠲᠠᠶ᠋ᠢᠪᠤᠩ ᠬᠠᠷᠠᠭᠳᠠᠨ᠎ᠠ ᠡ
ᠴᠦᠯ ᠦᠨ ᠢᠲᠡᠭᠡᠯ
ᠤᠰᠤᠷᠬᠠᠭ ᠵᠡᠭᠦᠳᠦ ᠬᠠᠭᠰᠠᠵᠤ ᠤᠮᠠᠷᠠᠲᠤ ᠶ᠋ᠢᠨ ᠡᠯᠡᠰᠦᠨ ᠳ᠋ᠦ᠍ ᠵᠡᠷᠭᠡᠯᠭᠡᠨ ᠰᠢᠲᠠᠨ᠎ᠠ
ᠠᠭᠤᠯᠠᠨ ᠴᠢᠨᠠᠳᠤᠬᠢ ᠠᠶᠤᠩᠭ᠎ᠠ ᠶ᠋ᠢᠨ ᠳᠠᠭᠤᠨ ᠢᠶ᠋ᠠᠷ
ᠭᠣᠷᠢᠳᠠᠯ ᠵᠠᠮᠬᠠᠷᠠᠵᠤ
ᠡᠯᠡᠰᠦᠨ ᠦ ᠨᠠᠷᠠ ᠭᠠᠰᠢᠭ᠋ᠤᠬᠠᠨ ᠡᠷᠭᠢᠨ᠎ᠡ
ᠡᠯᠡᠰᠦᠨ ᠤ ᠵᠤᠨ ᠭᠢᠨᠳᠠᠨ ᠪᠡᠬᠢᠯᠡᠨ᠎ᠡ ᠡ
ᠪᠣᠳᠣᠯ ᠠᠴᠢᠭᠰᠠᠨ ᠲᠡᠮᠡᠭᠡᠳ
ᠪᠣᠰᠤᠭ᠎ᠠ ᠵᠣᠭᠳᠣᠷ ᠬᠡᠶ᠋ᠢᠰᠬᠡᠵᠦ
ᠴᠦᠯ ᠦᠨ ᠢᠲᠡᠭᠡᠯ ᠂ ᠨᠠᠭᠤᠷ ᠢᠶ᠋ᠠᠨ ᠲᠦᠰᠢᠵᠦ ᠵᠣᠭᠰᠣᠨ᠎ᠠ ︕
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠠᠮᠢᠯᠠᠭᠤᠯᠤᠨ ᠬᠠᠭᠤᠯᠤᠭᠰᠠᠨ ᠨᠢ ᠄ ᠴᠤᠯᠮᠤᠨᠲᠤᠶᠠᠭ᠎ᠠ
2023 ᠂ 4 ᠂18 ᠪ ᠡᠲᠦᠷ
