ᠲᠣᠷᠭᠠᠨ ᠳᠡᠪᠡᠯ – ᠦᠭᠡ ᠄ ᠮ · ᠽᠧᠪᠯᠡᠮᠠ ᠂ ᠠᠶ᠎ᠠ ᠄ ᠷᠠᠪᠲᠡᠨ Торгон дээл – Үг ᠄ М · Зеблэмаа ᠂ Ая ᠄ Равдан
ᠲᠣᠷᠭᠠᠨ ᠳᠡᠪᠡᠯ
ᠦᠭᠡ ᠄ ᠮ ᠂ ᠽᠧᠪᠯᠡᠮᠠ
ᠠᠶ᠎ᠠ ᠄ ᠷᠠᠪᠲᠡᠨ
ᠣᠲᠣᠲᠠᠢ ᠯᠠ ᠲᠣᠷᠭᠠᠨ ᠳᠡᠪᠡᠯ ᠊ᠢ ᠪᠡᠨ
ᠣᠲᠣ ᠪᠠᠨ ᠰᠢᠩᠭᠡᠲᠡᠯ᠎ᠡ ᠣᠶᠣᠭᠰᠠᠨ ᠶᠤᠮ ᠠ᠋ ᠬᠦ᠋
ᠠᠢ ᠠᠢ ᠳ᠋ᠠ ᠬᠦᠢ
ᠵᠧ ᠠᠢ ᠠᠢ ᠳ᠋ᠠ ᠬᠦᠢ
ᠣᠨᠴᠠᠯᠠᠭᠰᠠᠨ ᠠᠮᠠᠷᠠᠭ ᠲᠡᠭᠦᠨ ᠳ᠋ᠡᠭᠡᠨ
ᠣᠨᠴᠠᠯᠠᠭᠰᠠᠨ ᠬᠠᠶ᠋ᠢᠷ᠎ᠠ ᠪᠠᠨ ᠢᠯᠡᠳᠬᠡᠭᠰᠡᠨ ᠶᠤᠮ ᠡ ᠬᠦᠢ ᠃
ᠴᠡᠩᠬᠡᠷ ᠲᠣᠷᠭᠠᠨ ᠳᠡᠪᠡᠯ ᠊ᠢ ᠪᠡᠨ
ᠴᠣᠯᠮᠣᠨ ᠭᠠᠷᠲᠠᠯ᠎ᠠ ᠣᠶᠣᠭᠰᠠᠨ ᠶᠤᠮ ᠠ᠋ ᠬᠦᠢ ᠂
ᠠᠢ ᠠᠢ ᠳ᠋ᠠ ᠬᠦᠢ
ᠵᠧ ᠠᠢ ᠠᠢ ᠳ᠋ᠠ ᠬᠦᠢ
ᠴᠡᠭᠡᠵᠢᠨ ᠪ ᠠᠮᠠᠷᠠᠭ ᠲᠡᠭᠦᠨ ᠳ᠋ᠡᠭᠡᠨ
ᠴᠤᠬᠤᠮᠬᠠᠨ ᠬᠠᠶ᠋ᠢᠷ᠎ᠠ ᠪᠠᠨ ᠢᠯᠡᠳᠬᠡᠭᠰᠡᠨ ᠶᠤᠮ ᠠ᠋ ᠬᠦᠢ ᠃
ᠠᠯᠲᠠᠷᠲᠤ ᠮᠠᠯᠴᠢᠨ ᠪ ᠬᠤᠪᠢ ᠪᠠᠷ
ᠠᠲᠤᠭᠤᠴᠢᠨ ᠲᠡᠷᠡ ᠮᠢᠨᠢ ᠬᠥᠨᠲᠡᠷᠡᠭᠦᠯᠦᠨᠡ ᠳ᠋ᠡ ᠬᠦᠢ ᠂
ᠠᠷᠲᠠᠢ ᠲᠣᠷᠭᠠᠨ ᠳᠡᠪᠡᠯ ᠶ᠋ᠢᠡᠨ
ᠠᠯᠲᠠᠨ ᠣᠲᠣᠨ ᠶ᠋ᠢᠠᠷ ᠮᠢᠯᠢᠶᠠᠯᠭᠠᠨᠠ ᠳ᠋ᠡ ᠬᠦᠢ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ17 ᠪ ᠡᠲᠦᠷ

