ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –3 > Гангын урсгал – Чингис эзний алтан ургийн түүх Канкны урсгал нэрт бичиг о
ᠴᠢᠩᠬᠢᠰ ᠡᠵᠡᠨ ᠦ ᠠᠯᠲᠠᠨ ᠤᠷᠤᠭ ᠤᠨ ᠲᠡᠦᠬᠡ ᠺᠠᠩᠺᠠ ᠶᠢᠨ ᠤᠷᠤᠰᠬᠠᠯ ᠨᠡᠷᠡᠲᠦ ᠪᠢᠴᠢᠭ ᠣᠷᠣᠰᠢᠪᠠ
ᠠᠩᠬᠠᠨ ᠤ ᠪᠦᠯᠦᠭ – 3
ᠪᠣᠭᠳᠠ ᠴᠢᠩᠭᠢᠰ ᠬᠠᠭᠠᠨ ᠤ᠋ ᠳᠥᠲᠥᠭᠡᠷ ᠲᠠᠢᠽᠢ ᠲᠤᠯᠤᠢ ᠳ᠋ᠤᠷ ᠮᠥᠩᠬᠡ ᠂ ᠵᠤᠷᠬᠦ ᠂ ᠬᠤᠲᠤᠭᠲᠤ ᠂ ᠬᠤᠪᠢᠯᠠᠢ ᠂ ᠰᠤᠤᠷ ᠂ ᠠᠪᠤᠷᠬᠤ ᠵᠢᠷᠭᠤᠭᠠᠨ ᠬᠥᠪᠡᠭᠦᠨ① ᠪᠥᠯᠥᠭᠡ ᠃ ᠲᠤᠯᠤᠢ ᠡᠵᠡᠨ ᠦ᠌ ᠠᠬᠠᠮᠠᠳ ᠬᠥᠪᠡᠭᠦᠨ ᠰᠢᠶᠠᠨ ᠽᠦᠩ ᠬᠤᠸᠠᠩ ᠰᠦ ᠬᠤᠸᠠᠩᠳᠢ ②ᠮᠥᠩᠬᠡ ᠬᠠᠭᠠᠨ ᠰᠢᠷᠣᠢ ᠯᠤᠤ ᠵᠢᠯᠲᠡᠢ③ᠳᠥᠴᠢᠨ ᠳᠥᠷᠪᠡᠨ ᠳ᠋ᠡᠭᠡᠨ ᠲᠡᠮᠦᠷ ᠭᠠᠬᠠᠢ ᠵᠢᠯ ④ ᠶᠡᠬᠡ ᠬᠠᠭᠠᠨ ᠣᠷᠣ ᠰᠠᠭᠤᠭᠠᠳ ᠶᠢᠰᠦᠨ ᠣᠨ ᠪᠣᠯᠵᠤ ᠲᠠᠪᠢᠨ ᠬᠣᠶᠠᠷ ᠨᠠᠰᠤᠨ ᠳ᠋ᠠᠭᠠᠨ ᠰᠢᠷᠣᠢ ᠬᠣᠨᠢᠨ ᠵᠢᠯ ⑤ᠨᠠᠮᠤᠷ ᠤ᠋ᠨ ᠲᠡᠷᠡᠭᠦᠨ ᠰᠠᠷ᠎ᠠ ᠲᠩᠷᠢ ᠪᠣᠯᠪᠠᠢ ᠃ ᠰᠢᠶᠠᠨ ᠽᠦᠩ ᠬᠠᠭᠠᠨ ᠤ᠋ ᠲᠠᠪᠤᠨ ᠬᠥᠪᠡᠭᠦᠨ ᠪᠠᠲᠤ ᠲᠠᠢᠵᠢ᠂ ᠨᠠᠰᠤᠲᠠᠢ ᠲᠠᠢᠶᠢ ᠂ ᠲᠡᠰᠢ ᠲᠠᠢᠶᠢ ᠂ ᠾᠧ ᠫᠢᠩ ᠸᠠᠩ ᠰᠡᠷᠢᠬᠢᠨ ᠂ ᠪᠡᠶᠡᠨᠲᠦ ᠲᠠᠢᠶᠢ ᠪᠤᠶᠤ᠂
— — — — — —
①ᠲᠤᠯᠤᠢ ᠶ᠋ᠢᠨ ᠬᠥᠪᠡᠭᠦᠳ ᠦ᠋ᠨ ᠲᠤᠬᠠᠢ ᠰᠤᠷᠪᠤᠯᠵᠢ ᠪᠢᠴᠢᠭ ᠲᠦ᠍ ᠣᠯᠠᠨ ᠶᠠᠩᠵᠤ ᠪᠠᠷ ᠲᠡᠮᠳᠡᠭᠯᠡᠵᠦ ᠪᠠᠢᠳᠠᠭ ᠃ 《ᠰᠢᠷ᠎ᠠ ᠲᠣᠭᠣᠵᠢ 》 ᠳ᠋ᠤ᠌《 ᠲᠣᠯᠢ ( ᠲᠤᠯᠤᠢ ) ᠡᠵᠡᠨ ᠢ᠋ ᠰᠣᠷᠬᠠᠨᠲᠠᠢ ᠪᠡᠬᠢ ᠲᠠᠢᠬᠤ ᠠ᠋ᠴᠠ ᠲᠥᠷᠥᠭᠰᠡᠨ ᠮᠥᠩᠬᠡ ᠂ ᠬᠤᠪᠢᠯᠠᠢ ᠂ ᠦᠯᠡᠬᠦ ᠂ ᠠᠷᠢᠭ ᠪᠥᠬᠡ ᠲᠦᠷᠪᠢᠨ ᠬᠥᠪᠡᠭᠦᠨ ᠠᠭᠰᠠᠨ ᠪᠤᠶᠤ 》ᠭᠡᠵᠡᠢ ᠃ ᠲᠤᠯᠤᠢ ᠶ᠋ᠢᠨ ᠡᠨᠡ ᠳᠥᠷᠪᠡᠨ ᠬᠥᠪᠡᠭᠦᠨ ᠪᠣᠯ ᠮᠣᠩᠭᠣᠯ ᠤ᠋ᠨ ᠲᠡᠦᠬᠡᠨ ᠳ᠋ᠦ᠍ ᠨᠡᠷ᠎ᠡ ᠠᠯᠳᠠᠷ ᠶᠡᠬᠡᠲᠡᠢ ᠬᠥᠮᠦᠰ ᠪᠢᠯᠡ᠃
②ᠰᠢᠶᠠᠨ ᠽᠦᠩ ᠬᠤᠸᠠᠩ ᠰᠦ ᠬᠤᠸᠠᠩᠳᠢ ᠭᠡᠳᠡᠭ ᠪᠣᠯ 《 ᠶᠤᠸᠠᠨ ᠱᠢ 》 ᠳ᠋ᠦ᠍ ᠲᠡᠮᠳᠡᠭᠯᠡᠳᠡᠭ᠌《 宪宗桓肃皇帝 》 ( ᠠᠰᠠᠷᠠᠯ ᠥᠭᠯᠢᠭᠡᠴᠢ ᠭᠡᠭᠡᠨ ᠡᠯᠪᠡᠷᠢᠯᠳᠦ ᠬᠤᠸᠠᠩᠳᠢ ) ᠭᠡᠰᠡᠨ ᠦᠭᠡ ᠶᠦ᠍ᠮ ᠃
③ᠰᠢᠷᠣᠢ ᠯᠤᠤ ᠵᠢᠯ ᠄ ᠳᠠᠷᠤᠢ ᠰᠢᠷ᠎ᠠ ᠯᠤᠤ ᠵᠢᠯ᠂ ᠣᠨ ᠲᠣᠭᠠᠯᠠᠯ ᠤ᠋ᠨ 1208 ᠣᠨ ᠃
④ᠲᠡᠮᠦᠷ ᠭᠠᠬᠠᠢ ᠵᠢᠯ ᠄ ᠳᠠᠷᠤᠢ ᠴᠠᠭᠠᠭᠴᠢᠨ ᠭᠠᠬᠠᠢ ᠵᠢᠯ ᠂ ᠣᠨ ᠲᠣᠭᠠᠯᠠᠯ ᠤ᠋ᠨ1251 ᠣᠨ ᠃ ᠡᠨᠡ ᠵᠢᠯ ᠮᠥᠩᠬᠡ ᠶᠡᠬᠡ ᠣᠷᠣ ᠰᠠᠭᠤᠵᠤ ᠮᠣᠩᠭᠣᠯ ᠤᠯᠤᠰ ᠤ᠋ᠨ ᠳᠥᠷᠪᠡᠳᠦᠭᠡᠷ ᠦᠶ᠎ᠡ ᠶ᠋ᠢᠨ ᠶᠡᠬᠡ ᠬᠠᠭᠠᠨ ᠪᠣᠯᠵᠠᠢ ᠃ ᠬᠥᠶᠦᠭ ᠬᠠᠭᠠᠨ ᠨᠠᠰᠤ ᠪᠠᠷᠠᠭᠰᠠᠨ ᠤ᠋ ᠳᠠᠷᠠᠭ᠎ᠠ ᠂ ᠪᠠᠲᠤ ᠸᠣᠯᠭ᠎ᠠ ( ᠢᠵᠢᠯ ) ᠮᠥᠷᠡᠨ ᠦ᠌ ᠲᠡᠨᠳᠡ ᠡᠴᠡ ᠵᠡᠭᠦᠨᠰᠢ ᠮᠣᠩᠭᠣᠯ ᠭᠠᠵᠠᠷ ᠢᠷᠡᠵᠦ ᠵᠥᠴᠢ ᠂ ᠲᠤᠯᠤᠢ ᠬᠣᠶᠠᠷ ᠤ᠋ᠨ ᠰᠢᠭᠤᠳ ᠣᠢᠷ᠎ᠠ ᠲᠥᠷᠥᠯ ᠯᠤᠭᠡ ᠬᠠᠮᠰᠠᠨ ᠮᠥᠩᠬᠡ ᠶ᠋ᠢ ᠬᠠᠭᠠᠨ ᠰᠠᠭᠤᠷᠢᠨ ᠳ᠋ᠤ᠌ ᠭᠠᠷᠭᠠᠪᠠ ᠃ ᠡᠨᠡ ᠨᠢ1251 ᠣᠨ ᠤ᠋ ᠶᠠᠪᠤᠳᠠᠯ ᠶᠤᠮ ᠃ ᠡᠭᠦᠨ ᠡᠴᠡ ᠡᠬᠢᠯᠡᠨ ᠮᠣᠩᠭᠣᠯ ᠤ᠋ᠨ ᠶᠡᠬᠡ ᠬᠠᠳ ᠤ᠋ᠨ ᠰᠠᠭᠤᠷᠢᠨ ᠥᠭᠡᠳᠡᠢ ᠶ᠋ᠢᠨ ᠬᠣᠢᠴᠢ ᠬᠣᠢᠴᠢ ᠦᠶ᠎ᠡ ᠡᠴᠡ ᠲᠤᠯᠤᠢ ᠶ᠋ᠢᠨ ᠬᠣᠢᠴᠢ ᠦᠶ᠎ᠡ ᠳ᠋ᠦ᠍ ᠰᠢᠯᠵᠢᠨ ᠢᠷᠡᠵᠡᠢ ᠃ ᠮᠣᠩᠭᠣᠯ ᠤ᠋ᠨ ᠲᠡᠦᠬᠡᠨ ᠪᠠᠠᠢᠳᠠᠯ ᠠ᠋ᠴᠠ ᠦᠵᠡᠪᠡᠯ ᠂ ᠮᠣᠩᠭᠣᠯ ᠤ᠋ᠨ ᠬᠠᠭᠠᠨ ᠨᠢ ᠥᠭᠡᠳᠡᠢ ᠶ᠋ᠢᠨ ᠬᠣᠢᠴᠢ ᠬᠣᠢᠴᠢ ᠦᠶ᠎ᠡ ᠡᠴᠡ ᠲᠤᠯᠤᠢ ᠶ᠋ᠢᠨ ᠬᠣᠢᠴᠢ ᠦᠶ᠎ᠡ ᠳ᠋ᠦ᠍ ᠰᠢᠯᠵᠢᠭᠰᠡᠨ ᠶᠠᠪᠤᠳᠠᠯ ᠨᠢ ᠮᠣᠩᠭᠣᠯ ᠤ᠋ᠨ ᠶᠡᠬᠡ ᠬᠠᠭᠠᠨᠲᠤ ᠤᠯᠤᠰ ᠨᠢ ᠬᠡᠷᠡᠭ ᠳᠡᠭᠡᠷ᠎ᠡ ᠪᠡᠨ ᠬᠣᠶᠠᠷ ᠪᠦᠯᠦᠭ ᠪᠣᠯᠤᠨ ᠬᠤᠪᠢᠶᠠᠭᠳᠠᠵᠠᠢ ᠃ ᠡᠨᠡ ᠨᠢ ᠳᠠᠷᠤᠢ ᠮᠥᠩᠬᠡ ᠬᠠᠭᠠᠨ ᠪᠠ ᠪᠠᠲᠤ ᠨᠠᠷ ᠂ ᠥᠭᠡᠳᠡᠢ ᠪᠠ ᠴᠠᠭᠠᠲᠠᠢ ᠶ᠋ᠢᠨ ᠬᠣᠢᠴᠢ ᠦᠶ᠎ᠡ ᠡᠴᠡ ᠸᠠᠩ ᠨᠠᠷ ᠪᠣᠯᠤᠨ᠎ᠠ ᠃
⑤ ᠰᠢᠷᠣᠢ ᠬᠣᠨᠢᠨ ᠵᠢᠯ ᠄ ᠳᠠᠷᠤᠢ ᠰᠢᠷᠠᠭᠴᠢᠨ ᠬᠣᠨᠢᠨ ᠵᠢᠯ ᠂ ᠣᠨ ᠲᠣᠭᠠᠯᠠᠯ ᠤ᠋ᠨ1259 ᠣᠨ ᠂ ᠡᠨᠡ ᠣᠨ ᠳ᠋ᠤ᠌ ᠮᠥᠩᠬᠡ ᠬᠠᠭᠠᠨ ᠨᠠᠰᠤ ᠪᠠᠷᠠᠪᠠ ᠃ ᠮᠥᠩᠬᠡ ᠬᠠᠭᠠᠨ ᠤ᠋ ᠨᠠᠰᠤ ᠪᠠᠷᠠᠭᠰᠠᠨ ᠭᠠᠵᠠᠷ ᠢ᠋ ᠯᠤᠪᠰᠠᠩᠲᠠᠨᠵᠢᠨ ᠤ᠋ 《ᠴᠢᠩ ᠵᠠᠩᠪᠤ ᠬᠣᠲᠠᠨ ᠳ᠋ᠤ᠌ 》 ᠭᠡᠵᠦ ᠲᠡᠮᠳᠡᠭᠯᠡᠭᠰᠡᠨ ᠨᠢ ᠬᠢᠲᠠᠳ ᠪᠠ ᠥᠷᠥᠨᠡᠳᠠᠬᠢᠨ ᠤ᠋ ᠲᠡᠦᠬᠡᠴᠢᠳ ᠦ᠋ᠨ ᠲᠡᠮᠳᠡᠭᠯᠡᠳᠡᠭ᠌ ᠰᠧᠴᠤᠸᠠᠨ ᠮᠣᠵᠢ ᠶ᠋ᠢᠨ ᠾᠧ ᠵᠧᠦ 《合州》 ᠮᠥᠨ ᠃
ᠰᠢᠶᠠᠨ ᠽᠦᠩ ᠬᠠᠭᠠᠨ ᠯᠤᠭ᠎ᠠ ᠨᠢᠭᠡᠨ ᠡᠬᠡ ᠳ᠋ᠦ᠍ ᠳᠡᠭᠦᠦ ᠱ᠌ᠢᠽᠦ ᠱᠸᠩ ᠳᠧ ᠱᠸᠨ ᠬᠦᠩ ᠸᠸᠨ ᠡᠦ ᠬᠤᠸᠠᠩᠳᠢ ᠰᠡᠴᠡᠨ ᠬᠠᠭᠠᠨ ᠬᠤᠪᠢᠯᠠᠢ① ᠮᠣᠳᠣᠨ ᠭᠠᠬᠠᠢ ᠵᠢᠯ ᠲᠡᠢ② ᠳᠥᠴᠢᠨ ᠵᠢᠷᠭᠤᠭᠠᠨ ᠨᠠᠰᠤᠨ ᠳ᠋ᠠᠭᠠᠨ ᠴᠠᠭᠠᠨ ᠪᠡᠴᠢᠨ ᠵᠢᠯ ᠵᠦᠩ ᠲᠦᠩ ᠠᠩᠬᠠᠨ ᠣᠨ③᠃ ᠬᠠᠨ ᠣᠷᠣ ᠰᠠᠭᠤᠭᠠᠳ ᠪᠡᠴᠡᠭ᠋ ( ᠪᠢᠴᠢᠭ ) ᠴᠡᠷᠡᠭ [ ᠴᠡᠷᠢᠭ ] ᠲᠦ᠍ᠷ ᠮᠡᠷᠭᠡᠵᠢᠭᠰᠡᠨ ᠰᠤᠳᠤᠯᠤᠭᠰᠠᠨ ᠰᠠᠢᠳ ᠲᠦᠰᠢᠮᠡᠳ ᠢ᠋ ᠶᠡᠷᠦᠩᠬᠢᠶᠠ ᠬᠡᠷᠡᠭᠯᠡᠵᠦ④ ᠂ ᠲᠥᠪᠡᠳ ᠂ ᠬᠢᠲᠠᠳ ᠂ ᠠᠨ ᠨᠠᠨ ᠵᠢᠶᠣᠤ ᡁᠢ⑤ ᠭᠡᠶᠡᠢ ᠪᠸᠨ ᠹᠦ ᠰᠠᠩ⑥ ᠪᠠ ᠪᠧ ᠰᠢ ᠹᠦ ᠤᠯᠤᠰ⑦ ᠲᠡᠷᠡᠭᠦᠲᠡᠨ ᠳᠥᠷᠪᠡᠨ ᠳᠠᠯᠠᠢ ᠶ᠋ᠢᠨ ᠳᠣᠲᠤᠭᠠᠳᠤᠬᠢᠨ ᠭᠠᠲᠠᠭᠠᠲᠤᠬᠢᠨ ᠢ᠋ ᠴᠥᠮ ᠡᠷᠬᠡ ᠳ᠋ᠡᠭᠡᠨ ᠬᠤᠷᠠᠶᠠᠬᠠᠳ᠃ ᠱᠠᠰᠢᠨ ᠲᠥᠷᠥ ᠶ᠋ᠢ ᠨᠠᠷᠠᠨ ᠰᠠᠷᠠᠨ ᠮᠡᠲᠦ ᠮᠠᠨᠳᠤᠭᠤᠯᠵᠤ ᠂ ᠡᠷᠳᠡᠮᠲᠡᠨ ᠢ᠋
— — — — — —
①《ᠶᠤᠸᠠᠨ ᠱᠢ 》 ᠳ᠋ᠦ᠍ ᠬᠤᠪᠢᠯᠠᠢ ᠬᠠᠭᠠᠨ ᠢ᠋ 《世祖圣德神功文武皇帝 》 ( ᠳᠡᠭᠡᠳᠦ ᠡᠷᠳᠡᠮᠲᠦ ᠭᠠᠢᠬᠠᠮᠰᠢᠭ ᠠᠯᠳᠠᠷᠲᠤ ᠰᠦᠷ ᠵᠢᠪᠬᠤᠯᠠᠩᠲᠤ ᠬᠤᠸᠠᠩᠳᠢ ᠰᠡᠴᠡᠨ ᠬᠠᠭᠠᠨ ) ᠭᠡᠳᠡᠭ ᠃ 《 ᠱ᠌ᠢ᠍ᠽ᠌ᠦ 》 ᠭᠡᠳᠡᠭ ᠨᠢ ᠬᠠᠭᠠᠨ ᠤ᠋ ᠴᠣᠯᠠ ᠂ ᠮᠣᠩᠭᠣᠯ ᠤᠯᠤᠰ ᠰᠡᠴᠡᠨ ᠭᠡᠳᠡᠭ ᠃ ᠡᠭᠦᠨ ᠡᠴᠡ ᠪᠤᠰᠤᠳ ᠨᠢ ᠨᠡᠬᠡᠵᠦ ᠡᠷᠭᠦᠮᠵᠢᠯᠡᠭᠰᠡᠨ ᠴᠣᠯᠠ ᠪᠣᠯᠤᠨ᠎ᠠ ᠃
② ᠮᠣᠳᠣᠨ ᠭᠠᠬᠠᠢ ᠵᠢᠯᠲᠡᠢ ᠄ ᠬᠤᠪᠢᠯᠠᠢ ᠰᠡᠴᠡᠨ ᠬᠠᠭᠠᠨ ᠤ᠋ ᠮᠡᠨᠳᠦᠯᠡᠭᠰᠡᠨ ᠣᠨ ᠢ᠋ ᠬᠡᠯᠡᠵᠡᠢ ᠃ ᠬᠥᠬᠡᠭᠴᠢᠨ ᠭᠠᠬᠠᠢ ᠵᠢᠯ ᠳᠠᠷᠤᠢ ᠣᠨ ᠲᠣᠭᠠᠯᠠᠯ ᠤ᠋ᠨ1215 ᠣᠨ ᠪᠣᠯᠤᠨ᠎ᠠ ᠃
③ ᠵᠦᠩ ᠲᠦᠩ ᠠᠩᠬᠠᠨ ᠣᠨ ᠄ 1260 ᠣᠨ ᠳ᠋ᠤ᠌ ᠬᠤᠪᠢᠯᠠᠢ ᠺᠠᠢ ᠫᠢᠩ ( ᠱᠠᠩᠳᠤ ) ᠳ᠋ᠤ᠌ ᠶᠡᠬᠡ ᠣᠷᠣ ᠰᠠᠭᠤᠵᠤ ᠴᠣᠯᠠ ᠶ᠋ᠢ ᠵᠦᠩ ᠲᠦᠩ (中统 ) ᠭᠡᠪᠡ ᠃ ᠲᠡᠦᠬᠡᠨ ᠳ᠋ᠦ᠍1260 —1263 ᠣᠨ ᠢ᠋ ᠵᠦᠩ ᠲᠦᠩ ᠦ᠋ᠨ ᠣᠨ ᠭᠡᠳᠡᠭ ᠃
④ ᠬᠤᠪᠢᠯᠠᠢ ᠬᠠᠭᠠᠨ 1260 —1294 ᠣᠨ ᠤ᠋ ᠬᠣᠭᠣᠷᠣᠨᠳᠣ ᠬᠠᠭᠠᠨ ᠰᠠᠭᠤᠷᠢᠨ᠎ᠠ ᠪᠠᠢᠪᠠ ᠃ ᠬᠤᠪᠢᠯᠠᠢ ᠶ᠋ᠢᠨ ᠨᠣᠶᠠᠷᠬᠠᠯ ᠤ᠋ᠨ ᠦᠶ᠎ᠡ ᠳ᠋ᠡᠬᠢ ᠶᠤᠸᠠᠨ ᠤᠯᠤᠰ ᠨᠢ ᠮᠥᠨ ᠴᠦ᠍ ᠬᠢᠲᠠᠳ ᠦᠨᠳᠦᠰᠦᠲᠡᠨ ᠲᠤᠢᠯ ᠤ᠋ᠨ ᠣᠯᠠᠨ ᠲᠣᠭ᠎ᠠ ᠶ᠋ᠢ ᠡᠵᠡᠯᠡᠭᠰᠡᠨ ᠤᠯᠤᠰ ᠶᠤᠮ ᠃ ᠡᠨᠡ ᠶᠡᠬᠡ ᠤᠯᠤᠰ ᠢ᠋ ᠵᠠᠰᠠᠬᠤ ᠳ᠋ᠤ᠌ ᠬᠤᠪᠢᠯᠠᠢ ᠶᠠᠭᠤᠨ ᠤ᠋ ᠡᠮᠦᠨ᠎ᠡ ᠬᠢᠲᠠᠳ ᠤ᠋ᠨ ᠲᠣᠭᠲᠠᠭᠠᠯ ᠢ᠋ ᠬᠡᠷᠡᠭᠯᠡᠵᠦ ᠲᠡᠳᠡᠨ ᠦ᠌ ᠦᠨᠳᠦᠰᠦᠲᠡᠨ ᠦ᠌ ᠪᠢᠴᠢᠭ ᠴᠡᠷᠢᠭ ᠦ᠋ᠨ ᠡᠷᠳᠡᠮᠲᠡᠨ ᠢ᠋ ᠬᠦᠨᠳᠦ ᠪᠡᠷ ᠦᠵᠡᠭᠰᠡᠨ ᠵᠡᠷᠭᠡᠳᠡ ᠤᠢᠭᠤᠷ᠂ ᠬᠣᠲᠣᠩ ᠂ ᠲᠥᠪᠡᠳ ᠲᠡᠷᠡᠴᠢᠯᠡᠨ ᠳᠤᠮᠳᠠᠳᠤ ᠠᠽᠢᠶ᠎ᠠ ᠪᠠ ᠠᠷᠠᠪ ᠤ᠋ᠨ ᠪᠢᠴᠢᠭ ᠴᠡᠷᠢᠭ ᠦ᠋ᠨ ᠡᠷᠳᠡᠮᠲᠡᠨ ᠢ᠋ ᠴᠦ᠍ ᠲᠡᠭᠦᠨ ᠦ᠌ ᠲᠥᠷᠥ ᠳ᠋ᠡᠭᠡᠨ ᠴᠤᠭᠯᠠᠷᠠᠭᠤᠯᠵᠤ ᠪᠠᠢᠵᠠᠢ ᠃ ᠡᠨᠡ ᠰᠠᠭᠤᠷᠢᠨ ᠳᠡᠭᠡᠷ᠎ᠡ ᠬᠤᠪᠢᠯᠠᠢ ᠬᠠᠭᠠᠨ ᠳᠤᠮᠳᠠᠳᠤ ᠤᠯᠤᠰ ᠤ᠋ᠨ ᠲᠡᠦᠬᠡᠨ ᠳᠡᠭᠡᠷᠡᠬᠢ ᠡᠯ᠎ᠡ ᠲᠥᠷᠥ ᠶ᠋ᠢᠨ ᠨᠣᠶᠠᠷᠬᠠᠭᠴᠢ ᠠᠩᠭᠢ ᠶ᠋ᠢᠨ ᠲᠥᠷᠥ ᠵᠠᠰᠠᠬᠤ ᠠᠷᠭ᠎ᠠ ᠤᠬᠠᠭᠠᠨ ᠢ᠋ ᠰᠠᠢᠲᠤᠷ ᠰᠤᠳᠤᠯᠤᠨ ᠳ᠋ᠦ᠋ᠩᠨᠡᠵᠦ ᠂ ᠮᠣᠵᠢ ᠪᠠᠷ ᠭᠣᠣᠯ ᠪᠣᠯᠭᠠᠭᠰᠠᠨ ᠵᠠᠰᠠᠭ ᠵᠠᠬᠢᠷᠭᠠᠨ ᠢ᠋ ᠴᠢᠩᠭᠠᠳᠬᠠᠨ ᠲᠥᠪ ᠲᠦ᠍ ᠲᠥᠪᠯᠡᠷᠡᠭᠦᠯᠦᠭᠰᠡᠨ ᠡᠷᠬᠡ ᠶ᠋ᠢ ᠡᠷᠴᠢᠮᠵᠢᠭᠦᠯᠦᠨ ᠬᠢᠵᠠᠭᠠᠷ ᠣᠷᠣᠨ ᠤ᠋ ᠬᠠᠮᠢᠶᠠᠷᠤᠯᠲᠠ ᠶ᠋ᠢ ᠶᠡᠬᠡᠳᠡ ᠪᠠᠲᠤᠵᠢᠭᠤᠯᠤᠭᠰᠠᠨ ᠶᠤᠮ᠃ ᠶᠠᠭ ᠡᠢᠮᠦ ᠡᠴᠡ ᠬᠤᠪᠢᠯᠠᠢ ᠬᠠᠭᠠᠨ ᠤ᠋ ᠦᠶ᠎ᠡ ᠳ᠋ᠦ᠍ ᠳᠤᠮᠳᠠᠳᠤ ᠤᠯᠤᠰ ᠤ᠋ᠨ ᠲᠠᠷᠢᠶᠠᠯᠠᠩ ᠂ ᠤᠰᠤᠨ ᠠᠰᠢᠭᠯᠠᠯᠲᠠ ᠂ ᠰᠣᠶᠣᠯ ᠰᠢᠨᠵᠢᠯᠡᠬᠦ ᠤᠬᠠᠭᠠᠨ ᠪᠠ ᠭᠠᠳᠠᠭᠠᠳᠤ ᠠᠷᠠᠯᠵᠢᠭ᠎ᠠ ᠬᠥᠭᠵᠢᠨ ᠪᠠᠳᠠᠷᠠᠵᠤ ᠶᠡᠬᠡ ᠬᠥᠭᠵᠢᠯ ᠦ᠋ᠨ ᠪᠠᠢᠳᠠᠯ ᠢᠯᠡᠷᠡᠵᠡᠢ᠃ ᠡᠨᠡ ᠪᠠᠢᠳᠠᠯ ᠢ᠋ ᠲᠡᠦᠬᠡᠴᠢ ᠭᠣᠮᠪᠣᠵᠠᠪ 《ᠪᠢᠴᠢᠭ ᠴᠡᠷᠢᠭ ᠲᠦ᠍ᠷ ᠮᠡᠷᠭᠡᠵᠢᠭᠰᠡᠨ ᠰᠤᠳᠤᠯᠤᠭᠰᠠᠨ ᠰᠠᠢᠳ ᠲᠦᠰᠢᠮᠡᠳ ᠢ᠋ ᠶᠡᠷᠦᠩᠬᠡᠢ ᠬᠡᠷᠡᠭᠯᠡᠭᠰᠡᠨ 》 ᠡᠴᠡ《 ᠡᠷᠳᠡᠮᠲᠡᠨ ᠢ᠋ ᠪᠠᠶᠠᠰᠬᠤᠯᠠᠩ ᠳ᠋ᠤᠷ ᠵᠣᠬᠢᠶᠠᠵᠤ ᠂ ᠠᠮᠢᠲᠠᠨ ᠢ᠋ ᠠᠮᠤᠭᠤᠯᠠᠩ ᠳ᠋ᠤᠷ ᠠᠭᠤᠯᠤᠭᠰᠠᠨ 》ᠰᠠᠢᠨ ᠪᠠᠢᠳᠠᠯ ᠭᠠᠷᠤᠭᠰᠠᠨ ᠪᠠᠢᠨ᠎ᠠ ᠭᠡᠵᠦ ᠦᠵᠡᠵᠡᠢ᠃ ᠬᠤᠪᠢᠯᠠᠢ ᠬᠠᠭᠠᠨ ᠪᠢᠴᠢᠭ ᠴᠡᠷᠢᠭ ᠦ᠋ᠨ ᠡᠷᠳᠡᠮᠲᠡᠨ ᠢ᠋ ᠬᠦᠨᠳᠦᠳᠬᠡᠨ ᠬᠡᠷᠡᠭᠯᠡᠳᠡᠭ ᠢ᠋ ᠥᠷᠥᠨᠡᠳᠠᠬᠢᠨ ᠤ᠋ ᠮᠣᠩᠭᠣᠯᠴᠢ ᠳ᠋ᠣᠰᠰᠣᠨ ᠭᠠᠢᠬᠠᠨ ᠲᠡᠮᠳᠡᠭᠯᠡᠭᠰᠡᠨ ᠨᠢ᠄《ᠬᠤᠪᠢᠯᠠᠢ ᠪᠣᠯᠪᠠᠰᠤ ᠬᠢᠲᠠᠳ ᠤ᠋ᠨ ᠰᠣᠶᠣᠯ ᠢ᠋ ᠬᠦᠯᠢᠶᠡᠵᠦ ᠂ ᠭᠡᠭᠡᠨ ᠪᠣᠯᠪᠠᠰᠤᠨ ᠢ᠋ ᠨᠡᠪᠲᠡᠷᠬᠡᠢ ᠤᠬᠠᠵᠤ ᠬᠢᠲᠠᠳ ᠤ᠋ᠨ ᠵᠠᠷᠴᠢᠮ ᠶᠣᠰᠣᠨ ᠢ᠋ ᠪᠠᠬᠠᠳᠤᠨ ᠪᠢᠰᠢᠷᠡᠨ ᠡᠷᠳᠡᠮ ᠰᠢᠨᠵᠢᠯᠡᠭᠡᠨ ᠦᠰᠦᠭ ᠪᠢᠴᠢᠭ ᠢ᠋ ᠪᠠᠲᠤᠳᠠ ᠬᠠᠮᠠᠭᠠᠯᠠᠭᠰᠠᠨ ᠢ᠋ᠶ᠋ᠠᠷ ᠠᠽᠢᠶ᠎ᠠ ᠶ᠋ᠢᠨ ᠡᠯ᠎ᠡ ᠪᠣᠯᠪᠠᠰᠤᠨ ᠤᠯᠤᠰ ᠤ᠋ᠨ ᠡᠷᠳᠡᠮᠲᠡᠳ ᠴᠥᠮ ᠲᠡᠭᠦᠨ ᠦ᠌ ᠲᠥᠷᠥ ᠳ᠋ᠦ᠍ ᠬᠤᠷᠠᠨ ᠴᠤᠭᠯᠠᠷᠠᠵᠤᠬᠤᠢ 》 ᠭᠡᠵᠡᠢ ᠃
⑤ ᠠᠨ ᠨᠠᠨ ᠵᠢᠶᠣᠤ ᡁᠢ ᠄ ᠬᠢᠲᠠᠳ ᠰᠤᠷᠪᠤᠯᠵᠢ ᠪᠢᠴᠢᠭ ᠲᠦ᠍《安南交趾 》ᠭᠡᠵᠦ ᠲᠡᠮᠳᠡᠭᠯᠡᠳᠡᠭ᠌᠃《ᠶᠤᠸᠠᠨ ᠱᠢ 》 ᠳ᠋ᠦ᠍《ᠠᠨ ᠨᠠᠨ ᠤᠯᠤᠰ ᠬᠡᠮᠡᠭᠴᠢ ᠡᠷᠲᠡᠨ ᠦ᠌ ᠵᠢᠶᠣᠤ ᡁᠢ ᠪᠣᠯᠠᠢ 》ᠭᠡᠵᠡᠢ ᠃ ᠡᠳᠦᠭᠡ ᠶ᠋ᠢᠨ ᠸᠢᠶᠧ᠍ᠲ᠋ᠨᠠᠮ ᠤᠯᠤᠰ ᠮᠥᠨ᠃
⑥ ᠹᠦ ᠰᠠᠩ ᠄ ᠬᠢᠲᠠᠳ ᠰᠤᠷᠪᠤᠯᠵᠢ ᠪᠢᠴᠢᠭ ᠲᠦ᠍ ᠭᠠᠷᠳᠠᠭ 《扶桑》 ᠢ᠋ ᠬᠡᠯᠡᠵᠦ ᠪᠣᠢ ᠃ 《ᠹᠦ ᠰᠠᠩ 》 ᠭᠡᠳᠡᠭ ᠢ᠋ ᠤᠯᠤᠰ ᠤ᠋ᠨ ᠨᠡᠷ᠎ᠡ ᠪᠣᠯᠭᠠᠨ ᠬᠠᠮᠤᠭ ᠤ᠋ᠨ ᠲᠦᠷᠦᠭᠦᠨ ᠳ᠋ᠦ᠍ ᠳᠤᠷᠠᠳᠤᠭᠰᠠᠨ ᠨᠢ 《ᠯᠢᠶᠠᠩ ᠱᠤ᠌ ᠳ᠋ᠦ᠋ᠩ ᠢ ᠵᠤᠸᠠᠨ 》 (《梁书 ·东夷传》 ᠳ᠋ᠤ᠌ ᠪᠣᠢ ᠂ ᠲᠡᠭᠦᠨ ᠳ᠋ᠦ᠍᠄《 ᠹᠦ ᠰᠠᠩ ᠠᠨᠤ ᠶᠡᠬᠡ ᠬᠠᠨ ᠤᠯᠤᠰ ᠤ᠋ᠨ ᠵᠡᠭᠦᠨ᠎ᠡ ᠬᠣᠶᠠᠷ ᠲᠦᠮᠡ ᠢᠯᠡᠭᠦᠦ ᠭᠠᠵᠠᠷ ᠪᠣᠢ ᠂ ᠲᠡᠭᠦᠨ ᠦ᠌ ᠭᠠᠵᠠᠷ ᠳᠡᠭᠡᠷ᠎ᠡ ᠭᠡᠷᠡᠯᠢᠭ ᠮᠣᠳᠣ (扶桑木) ᠣᠯᠠᠨ ᠤᠷᠭᠤᠳᠠᠭ ᠠ᠋ᠴᠠ ᠲᠡᠢᠮᠦ ᠨᠡᠷᠡᠲᠡᠢ ᠪᠣᠯᠵᠤᠬᠤᠢ 》ᠭᠡᠵᠡᠢ᠃ ᠡᠭᠦᠨᠴᠡ ᠬᠣᠵᠢᠮ ᠬᠢᠲᠠᠳ ᠤ᠋ᠨ ᠰᠤᠷᠪᠤᠯᠵᠢ ᠪᠢᠴᠢᠭ ᠪᠠ ᠤᠳᠬ᠎ᠠ ᠵᠣᠬᠢᠶᠠᠯ ᠤ᠋ᠨ ᠪᠢᠴᠢᠭ ᠲᠦ᠍ 《 ᠹᠦ ᠰᠠᠩ 》ᠭᠡᠵᠦ ᠶᠠᠫᠣᠨ ᠤᠯᠤᠰ ᠢ᠋ ᠨᠡᠷᠡᠢᠳᠬᠦ ᠪᠣᠯᠵᠠᠢ᠃ ᠡᠨᠳᠡ ᠮᠥᠨ ᠴᠦ᠍ ᠶᠠᠫᠣᠨ ᠢ᠋ ᠵᠢᠭᠠᠵᠤ ᠪᠠᠢᠭ᠎ᠠ ᠶᠤᠮ᠃
⑦ ᠪᠠ ᠪᠧ ᠰᠢ ᠹᠦ ᠤᠯᠤᠰ ᠄ ᠬᠢᠲᠠᠳ ᠰᠤᠷᠪᠤᠯᠵᠢ ᠳ᠋ᠤ᠌ ᠭᠠᠷᠳᠠᠭ 《八百媳妇国 》( ᠨᠠᠢ᠍ᠮᠠᠨ ᠵᠠᠭᠤᠨ ᠪᠡᠷᠢ ᠲᠡᠢ ᠤᠯᠤᠰ) ᠪᠣᠯᠤᠨ᠎ᠠ᠃ ᠡᠨᠳᠡ ᠂ ᠬᠤᠪᠢᠠᠯᠢ ᠶ᠋ᠢᠨ ᠦᠶ᠎ᠡ ᠳ᠋ᠦ᠍《 ᠨᠠᠢ᠍ᠮᠠᠨ ᠵᠠᠭᠤᠨ ᠪᠡᠷᠢ ᠲᠡᠢ ᠤᠯᠤᠰ 》 ᠢ᠋《 ᠡᠷᠬᠡ ᠳ᠋ᠡᠭᠡᠨ ᠬᠤᠷᠢᠶᠠᠭᠰᠠᠨ 》ᠭᠡᠳᠡᠭ ᠨᠢ ᠲᠡᠦᠬᠡ ᠶ᠋ᠢᠨ ᠪᠣᠳᠠᠲᠤ ᠪᠠᠢᠳᠠᠯ ᠠᠷᠠᠢ ᠨᠡᠢᠴᠡᠬᠦ ᠦᠭᠡᠢ ᠶᠦ᠍ᠮ᠃《ᠶᠤᠸᠠᠨ ᠱᠢ》 ᠡᠴᠡ ᠦᠨᠳᠦᠰᠦᠯᠡᠬᠦ ᠳ᠋ᠦ᠍᠂《ᠨᠠᠢ᠍ᠮᠠᠨ ᠵᠠᠭᠤᠨ ᠪᠡᠷᠢ ᠲᠡᠢ ᠤᠯᠤᠰ 》 ᠢ᠋ ᠳᠠᠢᠯᠠᠨ ᠡᠵᠡᠯᠡᠬᠦ ᠭᠡᠰᠡᠨ ᠣᠷᠣᠯᠳᠣᠯᠭ᠎ᠠ ᠪᠣᠯ ᠶᠤᠸᠠᠨ ᠤᠯᠤᠰ ᠤ᠋ᠨ ᠴᠧᠩ ᠽᠦᠩ ᠬᠠᠭᠠᠨ ᠲᠡᠮᠦᠷ (1294 —1307 ) ᠤ᠋ ᠦᠶ᠎ᠡ ᠳ᠋ᠡᠬᠢ ᠲᠡᠦᠬᠡᠨ ᠬᠡᠷᠡᠭ ᠶᠦ᠍ᠮ᠃ ᠡᠨᠡ ᠤᠯᠤᠰ ᠤ᠋ᠨ ᠣᠷᠣᠰᠢᠨ ᠪᠦᠬᠦᠢ ᠨᠤᠲᠤᠭ ᠪᠣᠯ ᠣᠳᠣ ᠶ᠋ᠢᠨ ᠲᠡᠢ ᠤᠯᠤᠰ᠂ ᠨᠡᠢᠰᠯᠡᠯ ᠣᠳᠣ ᠶ᠋ᠢᠨ ᠲᠠᠢ ᠤᠯᠤᠰ ᠤ᠋ᠨ ᠬᠣᠢᠲᠤ ᠬᠡᠰᠡᠭ ᠲᠡᠬᠢ ᠴᠢᠩ ᠮᠠᠢ (清迈 ) ᠳ᠋ᠤ᠌ ᠪᠠᠢᠵᠠᠢ᠃
ᠪᠠᠶᠠᠰᠬᠤᠯᠠᠩ ᠳ᠋ᠤᠷ ᠵᠣᠬᠢᠶᠠᠵᠤ ᠂ ᠠᠮᠢᠲᠠᠨ ᠢ᠋ ᠠᠮᠤᠭᠤᠯᠠᠩ ᠳ᠋ᠤᠷ ᠠᠭᠤᠯᠤᠭᠠᠳ ᠂ ᠬᠥᠷ ᠤᠯᠤᠰ ᠤ᠋ᠨ ᠲᠠᠢ ᠶᠤᠸᠠᠨ ᠤᠯᠤᠰ① ᠭᠡᠮᠡᠨ ᠨᠡᠷᠡᠢᠳᠪᠡᠢ᠃ ᠨᠠᠢ᠍ᠮᠠᠨ ᠴᠠᠭᠠᠨ ᠭᠡᠷ② ᠢ᠋ ᠲᠣᠭᠠᠲᠣᠮ ᠪᠠᠢᠭᠤᠯᠵᠤ ᠳᠠᠢᠳᠤ ᠬᠣᠲᠠ ᠳ᠋ᠤᠷ ᠨᠡᠢᠰᠯᠡᠪᠡᠢ᠃ ᠭᠤᠴᠢᠨ ᠲᠠᠪᠤᠨ ᠣᠨ ᠰᠠᠭᠤᠭᠠᠳ ᠨᠠᠶᠠᠨ ᠦᠯᠵᠢ ᠳ᠋ᠡᠭᠡᠨ ᠮᠣᠳᠣᠨ ᠮᠣᠷᠢᠨ ᠲᠠᠢ ᠶᠤᠸᠠᠨ ᠤ᠋ ᠭᠤᠴᠢᠨ ᠨᠢᠭᠡᠳᠦᠭᠡᠷ ᠣᠨ ᠪᠣᠯᠬᠤ ᠵᠢᠯ③ ᠳᠠᠢᠳᠤ ᠬᠣᠲᠠ ᠳ᠋ᠤᠷ ᠲᠩᠷᠢ ᠪᠤᠯᠠᠪᠠᠢ ᠃ ᠱ᠌ᠢᠽᠣ ᠬᠠᠭᠠᠨ ᠤ᠋ ᠠᠷᠪᠠᠨ ᠬᠥᠪᠡᠭᠦᠨ ᠂ ᠳᠣᠷᠵᠢ ᠲᠠᠢᠶᠢ ( ᠲᠠᠢᠵᠢ ᠮᠠᠭᠠᠳ )
— — — —
① ᠲᠠᠢ ᠶᠤᠸᠠᠨ ᠤᠯᠤᠰ ᠄ 《 ᠲᠠᠢ》 ᠭᠡᠳᠡᠭ ᠪᠣᠯ ᠬᠢᠲᠠᠳ ᠤ᠋ᠨ 《大 》 ᠭᠡᠳᠡᠭ ᠦᠭᠡ ᠪᠣᠯᠤᠨ᠎ᠠ ᠃1271 ᠣᠨ ᠳ᠋ᠤ᠌ ᠬᠤᠪᠢᠯᠠᠢ ᠬᠠᠭᠠᠨ ᠤᠯᠤᠰ ᠤ᠋ᠨ ᠴᠣᠯᠠ ᠪᠠᠨ 《 ᠶᠤᠸᠠᠨ 》 ᠭᠡᠪᠡ ᠃ 《 ᠶᠤᠸᠠᠨ 》 ᠭᠡᠵᠦ ᠨᠡᠷᠡᠯᠡᠭᠰᠡᠨ ᠦ᠌ ᠢᠷᠡᠯᠲᠡ ᠨᠢ 《 ᠵᠢᠷᠤᠬᠠᠢᠲᠤ ᠨᠣᠮ 》 ᠳ᠋ᠠᠬᠢ《乾元 》(ᠠᠩᠬᠠᠨ ᠲᠩᠷᠢ ) ᠭᠡᠰᠡᠨ ᠦ᠌ 《元》 ᠦᠰᠦᠭ ᠢ᠋ ᠠᠪᠴᠠᠢ ᠃ 《ᠶᠡᠬᠡ ᠶᠤᠸᠠᠨ ᠤᠯᠤᠰ ᠤ᠋ᠨ ᠪᠢᠴᠢᠭ 》 ᠲᠦ᠍ ᠲᠡᠮᠳᠡᠭᠯᠡᠭᠰᠡᠨ ᠨᠢ 《 ᠲᠩᠷᠢ ᠠᠯᠢᠪᠠ ᠠ᠋ᠴᠠ ᠤᠷᠢᠤᠠᠲᠠᠵᠤᠬᠤᠢ᠂ ᠲᠡᠢᠨ ᠬᠦ᠌ ᠲᠩᠷᠢ ᠶ᠋ᠢ ᠳᠠᠭᠤᠷᠢᠶᠠ ᠤᠯᠤᠰ ᠤ᠋ᠨ ᠨᠡᠷ᠎ᠡ ᠶ᠋ᠢ ᠶᠤᠸᠠᠨ ᠬᠡᠮᠡᠪᠡᠢ 》 ᠭᠡᠵᠡᠢ᠃ ᠨᠡᠢᠰᠯᠡᠯ ᠨᠢ ᠳᠠᠢᠳᠤ ᠬᠣᠲᠠ ( ᠣᠳᠣ ᠶ᠋ᠢᠨ ᠪᠡᠭᠡᠵᠢᠩ ) ᠂ ᠮᠣᠩᠭᠣᠯ ᠰᠤᠷᠪᠤᠯᠵᠢ ᠪᠢᠴᠢᠭ ᠲᠦ᠍ ᠬᠢᠲᠠᠳ ᠤ᠋ᠨ 《大元 》ᠭᠡᠳᠡᠭ ᠢ᠋ ᠲᠡᠢ ᠶᠤᠸᠠᠨ ᠂ ᠲᠠᠢ ᠶᠤᠸᠠᠨ ᠭᠡᠵᠦ ᠪᠢᠴᠢᠬᠦ ᠵᠠᠩᠰᠢᠯ ᠪᠣᠢ᠃ ᠡᠭᠦᠨ ᠳ᠋ᠦ᠍《大都 》 ᠶ᠋ᠢ ᠳᠠᠢᠳᠤ ᠭᠡᠵᠦ ᠪᠢᠴᠢᠳᠡᠭ ᠪᠣᠯᠪᠠ ᠃
② ᠨᠠᠢ᠍ᠮᠠᠨ ᠨᠠᠢ᠍ᠮᠠᠨ ᠴᠠᠭᠠᠨ ᠭᠡᠷ᠄ ᠴᠢᠩᠭᠢᠰ ᠬᠠᠭᠠᠨ ᠤ᠋ ᠨᠠᠢ᠍ᠮᠠᠨ ᠴᠠᠭᠠᠨ ᠭᠡᠷ ᠭᠡᠵᠦ ᠲᠡᠦᠬᠡᠨ ᠰᠤᠷᠪᠤᠯᠵᠢ ᠪᠢᠴᠢᠭ ᠲᠦ᠍ ᠲᠡᠮᠳᠡᠭᠯᠡᠳᠡᠭ᠌᠃ ᠮᠣᠩᠭᠣᠯ ᠲᠥᠷᠥ ᠶ᠋ᠢᠨ ᠵᠠᠩᠰᠢᠯ ᠳ᠋ᠤ᠌ ᠬᠠᠭᠠᠨ ᠰᠠᠭᠤᠷᠢ ᠵᠠᠯᠭᠠᠮᠵᠢᠯᠠᠬᠤ᠂ ᠨᠡᠷ᠎ᠡ ᠴᠣᠯᠠ ᠣᠯᠭᠣᠬᠤ ᠶᠡᠬᠡ ᠶᠠᠪᠤᠳᠠᠯ ᠳ᠋ᠤ᠌ ᠴᠢᠩᠭᠢᠰ ᠬᠠᠭᠠᠨ ᠤ᠋ ᠨᠠᠢ᠍ᠮᠠᠨ ᠴᠠᠭᠠᠨ ᠭᠡᠷ ᠦ᠋ᠨ ᠡᠮᠦᠨ᠎ᠡ ᠴᠤᠭᠯᠠᠵᠤ ᠵᠥᠪᠯᠡᠯ ᠪᠠ ᠶᠣᠰᠣᠯᠠᠯ ᠶᠠᠪᠤᠭᠳᠠᠭᠤᠯᠳᠠᠭ᠃ ᠡᠭᠦᠨ ᠢ᠋ ᠰᠠᠭᠠᠩ ᠰᠡᠴᠡᠨ《ᠶᠡᠷᠦᠩᠬᠡᠢ ᠶ᠋ᠢᠨ ᠰᠢᠲᠦᠭᠡᠨ ᠨᠠᠢ᠍ᠮᠠᠨ ᠴᠠᠭᠠᠨ ᠭᠡᠷ 》ᠭᠡᠵᠦ ᠲᠡᠮᠳᠡᠭᠯᠡᠵᠡᠢ᠃ ᠨᠠᠢ᠍ᠮᠠᠨ ᠴᠠᠭᠠᠨ ᠭᠡᠷ ᠢ᠋《ᠶᠡᠷᠦᠩᠬᠡᠢ ᠶ᠋ᠢᠨ ᠰᠢᠲᠦᠭᠡᠨ》 ᠪᠣᠯᠭᠠᠵᠤ ᠠᠩᠬ᠎ᠠ ᠪᠠᠢᠭᠤᠯᠤᠭᠰᠠᠨ ᠨᠢ ᠴᠢᠩᠭᠢᠰ ᠬᠠᠭᠠᠨ ᠨᠠᠰᠤ ᠪᠠᠷᠠᠭᠰᠠᠨ ᠲᠡᠷᠡ ᠦᠶ᠎ᠡ ᠳ᠋ᠦ᠍ ᠶᠦ᠍ᠮ ᠃ ᠨᠠᠢ᠍ᠮᠠᠨ ᠴᠠᠭᠠᠨ ᠭᠡᠷ ᠠᠩᠬ᠎ᠠ ᠬᠠᠮᠢᠭ᠎ᠠ ᠪᠠᠢᠭᠤᠯᠤᠭᠰᠠᠨ ᠲᠤᠬᠠᠢ ᠥᠪᠥᠷ ᠮᠣᠩᠭᠣᠯ ᠤ᠋ᠨ ᠨᠡᠢᠭᠡᠮ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠯᠢᠦ ᠶ᠋ᠢᠨ ᠰᠦᠸᠧ ᠨᠥᠬᠥᠷ ᠰᠤᠳᠤᠯᠤᠭᠠᠨ ᠬᠢᠵᠦ ᠣᠷᠳᠣᠰ ᠤ᠋ᠨ ᠣᠯᠠᠨ ᠪᠣᠯᠭᠠᠰ ᠭᠡᠳᠡᠭ ᠭᠠᠵᠠᠷ ᠪᠠᠢᠭᠤᠯᠤᠯ᠎ᠠ ᠭᠡᠵᠦ ᠵᠣᠬᠢᠶᠠᠯ ᠳ᠋ᠠᠭᠠᠨ ᠳᠤᠷᠠᠳᠴᠤ ᠪᠠᠢᠨ᠎ᠠ᠃ (《 ᠠᠷᠪᠠᠨ ᠭᠤᠷᠪᠠ — ᠠᠷᠪᠠᠨ ᠳᠣᠯᠣᠳᠤᠭᠠᠷ ᠵᠠᠭᠤᠨ ᠤ᠋ ᠮᠣᠩᠭᠣᠯ ᠤ᠋ᠨ ᠲᠡᠦᠬᠡ ᠪᠢᠴᠢᠯᠭᠡ》ᠭᠡᠳᠡᠭ ᠵᠣᠬᠢᠶᠠᠯ ᠳ᠋ᠤ᠌ ) ᠡᠨᠳᠡ᠂ ᠭᠣᠮᠪᠣᠵᠠᠪ ᠤ᠋ᠨ ᠲᠡᠮᠳᠡᠭᠯᠡᠭᠰᠡᠨ ᠢ᠋ ᠦᠨᠳᠦᠰᠦᠯᠡᠪᠡᠯ ᠂ ᠶᠤᠸᠠᠨ ᠤᠯᠤᠰ ᠤ᠋ᠨ ᠦᠶ᠎ᠡ ᠳ᠋ᠦ᠍ ᠮᠣᠩᠭᠣᠯ ᠤ᠋ᠨ ᠬᠠᠳ ᠪᠡᠭᠡᠵᠢᠩ ᠳ᠋ᠦ᠍ ᠡᠬᠢᠯᠡᠵᠦ ᠨᠡᠢᠰᠯᠡᠬᠦ ᠳ᠋ᠦ᠍ ᠪᠡᠨ ᠮᠥᠨ ᠪᠠᠰᠠ《ᠨᠠᠢ᠍ᠮᠠᠨ ᠴᠠᠭᠠᠨ ᠭᠡᠷ ᠢ᠋ ᠳᠤᠭᠠᠳᠤᠮ ᠪᠠᠢᠭᠤᠯᠵᠤ ᠳᠠᠢᠳᠤ ᠬᠣᠲᠠᠨ ᠳ᠋ᠤ᠌ ᠨᠡᠢᠰᠯᠡᠭᠰᠡᠨ》ᠪᠠᠢᠨ᠎ᠠ ᠃
③ ᠮᠣᠳᠣᠨ ᠮᠣᠷᠢᠨ ᠵᠢᠯ ᠄ ᠳᠠᠷᠤᠢ ᠬᠥᠬᠡ ᠮᠣᠷᠢᠨ ᠵᠢᠯ ᠂ ᠣᠨ ᠲᠣᠭᠠᠯᠠᠯ ᠤ᠋ᠨ1294 ᠣᠨ᠂ ᠡᠨᠡ ᠨᠢ ᠶᠤᠸᠠᠨ ᠤᠯᠤᠰ ᠤ᠋ᠨ ᡁᠢ ᠶᠤᠸᠠᠨ ( 至元 ) ᠤ᠋ ᠭᠤᠴᠢᠨ ᠨᠢᠭᠡᠳᠦᠭᠡᠷ ᠣᠨ ᠶᠤᠮ ᠃
(ᠲᠠᠢᠽᠢ) · ᠬᠤᠸᠠᠩ ᠲᠠᠢᠶᠢ᠂ ᠵᠸᠡ ᠶ᠋ᠢᠨ ① ᠠᠨ ᠰᠢ ᠸᠠᠩ ᠮᠡᠭᠡᠭᠡᠯᠡ ᠪᠠ᠂ ᠠᠨ ᠸᠠᠩ ᠂ ᠨᠣᠮᠣᠬᠠᠨ ② ᠶᠦᠨ ᠨᠠᠨ ᠸᠠᠩ ᠬᠦᠩᠭᠡᠵᠡᠯ᠂ ᠠᠶᠠᠴᠢ ᠲᠠᠢᠵᠢ᠂ ᠰᠢ ᠫᠧᠩ ᠸᠠᠩ ᠰᠠᠬᠤᠯᠭᠠᠭᠴᠢ᠂ ᠨᠢᠩ ᠶᠦᠩ ᠸᠠᠩ ③ ᠬᠥᠭᠡᠴᠦ ᠂ ᠵᠸᠨ ᠨᠠᠨ ᠸᠠᠩ · ᠲᠣᠭᠠᠨ ᠬᠤᠯᠠᠨ ᠲᠡᠮᠦᠷ ᠂ ᠡᠳᠡᠭᠡᠷ ᠠᠷᠪᠠᠨ ᠪᠤᠶᠤ ᠬᠤᠸᠠᠩ ᠲᠠᠢᠵᠢ (ᠲᠠᠢᠽᠢ) ᠵᠸᠡ ᠶ᠋ᠢᠨ ᠣᠷᠠᠲᠠ ᠥᠩᠭᠡᠷᠡᠭᠰᠡᠨ ᠢ᠋ᠶ᠋ᠡᠷ᠂ ᠱ᠌ᠢᠽᠤ ᠬᠠᠭᠠᠨ ᠬᠠᠯᠢᠭᠰᠠᠨ ᠬᠣᠢᠨ᠎ᠠ ᠵᠸᠨ ᠦ᠌ ᠬᠥᠪᠡᠭᠦᠨ ᠤᠭ ᠠᠴᠢ ᠠᠨᠤ ᠽᠦᠩ ᠬᠠᠭᠠᠨ ᠲᠡᠮᠦᠷ ④ ᠶᠡᠬᠡ ᠲᠥᠷᠥ ᠶ᠋ᠢ ᠵᠠᠯᠭᠠᠮᠵᠢᠯᠪᠠᠢ᠃ ᠲᠥᠷᠥ ᠶ᠋ᠢᠨ ᠶᠠᠰᠤᠨ ᠳ᠋ᠤᠷ ᠣᠷᠣ ᠰᠠᠭᠤᠭᠰᠠᠨ ᠢ᠋ ᠬᠥᠪᠡᠭᠦᠨ ᠪᠤᠯᠠᠭᠠᠨ ᠲᠣᠭᠠᠴᠠᠬᠤ ( ᠲᠣᠭᠠᠴᠢᠬᠤ ) ᠶ᠋ᠢᠨ ᠲᠤᠯᠠ ᠦᠷ᠎ᠡ ᠶ᠋ᠢ ᠲᠡᠭᠦᠨᠴᠢᠯᠡ ᠪᠤᠳᠠᠮᠤᠢ᠃ ᠽᠦᠩ ᠴᠢᠨ ᠮᠢᠩ ᠭᠤᠸᠠᠩ ᠰᠢᠶᠣᠤ ᠬᠤᠸᠠᠩᠳᠢ ᠥᠯᠵᠡᠢᠲᠦ ᠬᠠᠭᠠᠨ ⑤ ᠮᠣᠳᠣᠨ ᠪᠠᠷᠰ ᠵᠢᠯᠲᠡᠢ᠂ ⑥ ᠭᠤᠴᠢᠨ ᠨᠠᠰᠤᠨ ᠳ᠋ᠠᠭᠠᠨ ᠮᠣᠳᠣᠨ ᠬᠣᠨᠢᠨ
— — — —
① ᠵᠸᠡ ᠶ᠋ᠢᠨ᠄ ᠬᠤᠪᠢᠯᠠᠢ ᠬᠠᠭᠠᠨ ᠤ᠋ ᠬᠣᠶᠠᠳᠤᠭᠠᠷ ᠬᠥᠪᠡᠭᠦᠨ ᠴᠢᠩᠭᠢᠮ ᠢ᠋ ᠬᠢᠲᠠᠳ ᠰᠤᠷᠪᠤᠯᠵᠢ ᠳ᠋ᠤ᠌《真金 》ᠭᠡᠨ᠎ᠡ᠃ 1269 ᠣᠨ ᠳ᠋ᠤ᠌ ᠴᠢᠩᠭᠢᠮ᠂ ᠬᠠᠭᠠᠨ ᠰᠠᠭᠤᠷᠢᠨ ᠢ᠋ ᠵᠠᠯᠭᠠᠮᠵᠢᠯᠠᠬᠤ ᠬᠤᠸᠠᠩ ᠲᠠᠢᠽᠢ (皇太子) ᠡᠷᠭᠦᠮᠵᠢᠯᠡᠭᠳᠡᠵᠡᠢ᠃ 1285 ᠣᠨ ᠳ᠋ᠤ᠌ ᠬᠤᠪᠢᠯᠠᠢ ᠬᠠᠭᠠᠨ ᠠ᠋ᠴᠠ ᠡᠮᠦᠨ᠎ᠡ ᠨᠠᠰᠤ ᠪᠠᠷᠠᠪᠠ ᠃
② ᠪᠠ᠂ ᠠᠨ ᠸᠠᠩ᠂ ᠨᠣᠮᠣᠬᠠᠨ — ᠬᠢᠲᠠᠳ ᠰᠤᠷᠪᠤᠯᠵᠢ ᠪᠢᠴᠢᠭ ᠲᠦ᠍ (北安王 )ᠨᠣᠮᠣᠬᠠᠨ ᠭᠡᠳᠡᠭ ᠃
③ ᠨᠢᠩ ᠶᠦᠩ ᠸᠠᠩ (宁远王)᠃
④ ᠽᠦᠩ ᠬᠠᠭᠠᠨ ᠲᠡᠮᠦᠷ — ᠽᠧᠩ ᠽᠦᠩ ᠬᠠᠭᠠᠨ ᠲᠡᠮᠦᠷ ᠢ᠋ ᠬᠡᠯᠡᠵᠦ ᠪᠣᠢ᠃《ᠽᠩ ᠽᠦᠩ》 ᠦ᠋ᠨ ᠽᠩ ᠦᠰᠦᠭ ᠢ᠋ ᠤᠷᠬᠢᠲᠠᠭᠤᠯᠤᠭᠰᠠᠨ ᠪᠠᠢᠨ᠎ᠠ᠃
⑤《 ᠶᠤᠸᠠᠨ ᠰᠢ 》 ᠳ᠋ᠦ᠍ ᠲᠡᠮᠦᠷ ᠬᠠᠭᠠᠨ ᠤ᠋ ᠴᠣᠯᠠ ᠽᠠᠩ ᠽᠦᠩ (成宗)᠂ ᠨᠡᠬᠡᠵᠦ ᠡᠷᠭᠦᠮᠵᠢᠯᠡᠭᠰᠡᠨ ᠴᠣᠯᠠ 《钦明广孝皇帝 》 (ᠭᠡᠭᠡᠨ ᠰᠦᠰᠦᠭᠲᠦ ᠠᠭᠤᠳᠠᠮ ᠠᠴᠢᠯᠠᠯᠲᠤ ᠬᠤᠸᠠᠩᠲᠡᠢ ) ᠭᠡᠵᠡᠢ᠃ ᠮᠣᠩᠭᠣᠯ ᠢ᠋ᠶ᠋ᠠᠷ ᠴᠣᠯᠠ ᠶ᠋ᠢ ᠥᠯᠵᠡᠢᠲᠦ ᠬᠠᠭᠠᠨ ᠭᠡᠨ᠎ᠡ ᠃ ⑥ ᠡᠨᠳᠡ ᠥᠯᠵᠡᠢᠲᠦ ᠬᠠᠭᠠᠨ ᠢ᠋ ᠮᠣᠳᠣᠨ ᠪᠠᠷᠰ ᠵᠢᠯᠲᠡᠢ (ᠵᠢᠯ ᠲᠡᠢ) ᠭᠡᠵᠡᠢ᠃ ᠮᠥᠨ ᠵᠠᠯᠭᠠᠭᠠᠳ ᠭᠤᠴᠢᠨ ᠨᠠᠰᠤᠨ ᠳ᠋ᠠᠭᠠᠨ ᠵᠣᠸᠠᠨ ᠵᠸᠨ ᠦ᠌ ᠠᠩᠬᠠᠨ ᠣᠨ (1295 ) ᠳ᠋ᠤ᠌ ᠬᠠᠭᠠᠨ ᠰᠠᠭᠤᠷᠢᠨ ᠰᠠᠭᠤᠯ᠎ᠠ ᠭᠡᠵᠦ ᠲᠡᠮᠳᠡᠭᠯᠡᠵᠡᠢ᠃ ᠡᠭᠦᠨ ᠢ᠋ᠶ᠋ᠡᠷ ᠦᠵᠡᠪᠡᠯ᠂ ᠥᠯᠵᠡᠢᠲᠦ ᠬᠠᠭᠠᠨ ᠤ᠋ ᠮᠠᠨᠳᠤᠯᠠᠭᠰᠠᠨ ᠨᠢ ᠮᠣᠳᠣᠨ ᠪᠠᠷᠰ ᠵᠢᠯ ᠪᠢᠰᠢ᠂ ᠬᠠᠷᠢᠨ ᠬᠥᠬᠡᠭᠴᠢᠨ ᠦᠬᠡᠷ ᠵᠢᠯ (1265) ᠪᠣᠯᠪᠠᠯ ᠲᠠᠭᠠᠷᠠᠬᠤ ᠶᠤᠮ ᠃
ᠶᠤᠸᠠᠨ ᠤ᠋ ᠶ᠋ᠢᠨ ᠠᠩᠬᠠᠨ ᠣᠨ ① ᠶᠡᠬᠡ ᠬᠠᠭᠠᠨ ᠣᠷᠣ ᠰᠠᠭᠤᠵᠤ ᠠᠷᠪᠠᠨ ᠭᠤᠷᠪᠠᠨ ᠣᠨ ᠪᠣᠯᠤᠭᠠᠳ ᠳᠥᠴᠢᠨ ᠬᠣᠶᠠᠷ ᠨᠠᠰᠤᠨ ᠳ᠋ᠠᠭᠠᠨ ᠭᠠᠯ ᠬᠣᠨᠢᠨ ᠳᠠ ᠳᠧ ᠠᠷᠪᠠᠨ ᠨᠢᠭᠡᠳᠦᠭᠡᠷ ᠣᠨ ② ᠬᠠᠪᠤᠷ ᠤ᠋ᠨ ᠲᠡᠷᠡᠭᠦᠨ ᠰᠠᠷ᠎ᠠ ᠳᠠᠢᠳᠤ ᠬᠣᠲᠠᠨ᠎ᠠ ᠲᠩᠷᠢ ᠪᠣᠯᠪᠠᠢ᠃ ᠭᠠᠭᠴᠠ ᠬᠥᠪᠡᠭᠦᠨ ᠢᠨᠤ ᠳ᠋ᠠᠱ᠌ᠢᠦ ᠲᠠᠢᠵᠢ ③ ᠣᠷᠲᠠ [ ᠤᠷᠢᠳᠠ ] ᠥᠩᠭᠡᠷᠡᠭᠰᠡᠨ ᠢ᠋ᠶ᠋ᠡᠷ ᠨᠢᠭᠡᠨ ᠡᠬᠡ ᠳ᠋ᠦ᠍ ᠠᠬ᠎ᠠ ᠳ᠋ᠠᠷᠮᠠᠪᠠᠯᠠ ᠲᠠᠢᠵᠢᠶᠤᠮ ᠠᠬᠠᠮᠠᠳ ᠬᠥᠪᠡᠭᠦᠨ ᠬᠤᠸᠠᠢ ᠨᠢᠩ ᠸᠠᠩ ᠬᠠᠢᠰᠠᠩ ᠶᠡᠬᠡ ᠲᠥᠷᠥ ᠵᠠᠯᠭᠠᠮᠵᠢᠯᠠᠪᠠᠢ ᠂ ᠦᠽᠦᠩ ᠬᠠᠭᠠᠨ ᠃ ᠦᠽᠦᠩ ᠿᠸᠨ ᠾᠦᠢ ᠰᠢᠦᠸᠠᠨ ᠰᠢᠶᠣᠤ ᠬᠤᠸᠠᠩᠳᠢ ᠬᠦᠯᠦᠭ ᠬᠠᠭᠠᠨ ④ ᠲᠡᠮᠦᠷ ᠮᠣᠭᠠᠢ ᠵᠢᠯᠲᠡᠢ ⑥᠂ ᠬᠣᠷᠢᠨ ᠨᠠᠢ᠍ᠮᠠᠨ ᠳ᠋ᠠᠬᠠᠨ ᠰᠢᠷᠣᠢ
— — — —
① ᠮᠣᠳᠣᠨ ᠬᠣᠨᠢᠨ ᠵᠢᠯ᠂ ᠳᠠᠷᠤᠢ ᠬᠥᠬᠡᠭᠴᠢᠨ ᠬᠣᠨᠢ ᠵᠢᠯ᠂ ᠣᠨ ᠲᠣᠭᠠᠯᠠᠯ ᠤ᠋ᠨ1295 ᠣᠨ᠃ ᠦᠯᠵᠡᠢᠲᠦ ᠬᠠᠭᠠᠨ ᠡᠨᠡ ᠣᠨ ᠳ᠋ᠤᠷ ᠬᠠᠭᠠᠨ ᠰᠠᠭᠤᠷᠢᠨ᠎ᠠ ᠰᠠᠭᠤᠵᠤ ᠡᠨᠡ ᠣᠨ ᠢ᠋ ᠶᠤᠸᠠᠨ ᠵᠸᠠ (元贞 ) ᠤ ᠠᠩᠬᠠᠨ ᠣᠨ ᠭᠡᠪᠡ᠃
② ᠭᠠᠯ ᠬᠣᠨᠢᠨ ᠵᠢᠯ᠄ ᠳᠠᠷᠤᠢ ᠤᠯᠠᠭᠠᠭᠴᠢᠨ ᠬᠣᠨᠢᠨ ᠵᠢᠯ᠂ ᠣᠨ ᠲᠣᠭᠠᠯᠠᠯ ᠤ᠋ᠨ 1307 ᠣᠨ᠂ ᠡᠨᠡ ᠵᠢᠯ ᠨᠢ ᠳᠡ ᠳᠧ (大德 ) ᠢᠨ ᠠᠷᠪᠠᠨ ᠨᠢᠭᠡᠳᠦᠭᠡᠷ ᠣᠨ ᠶᠤᠮ ᠃
③ ᠳ᠋ᠠᠱ᠌ᠢᠦ ᠲᠠᠢᠵᠢ ᠄ ᠡᠨᠳᠡ ᠲᠠᠢᠽᠢ ᠭᠡᠰᠡᠨ ᠢ᠋ ᠲᠠᠢᠵᠢ ᠭᠡᠵᠦ ᠪᠢᠴᠢᠭᠰᠡᠨ ᠪᠣᠯᠤᠯᠲᠠᠢ ᠳ᠋ᠡᠱᠦ ᠶ᠋ᠢ ᠬᠢᠲᠠᠳ ᠰᠤᠷᠪᠤᠯᠵᠢ ᠪᠢᠴᠢᠭ ᠲᠦ᠍ 《德寿 》 ᠭᠡᠵᠦ ᠲᠡᠮᠳᠡᠭᠯᠡᠳᠡᠭ᠌᠃ ᠳ᠋ᠠᠱ᠌ᠢᠦ ᠪᠣᠯ ᠬᠠᠭᠠᠨ ᠤ᠋ ᠬᠥᠪᠡᠭᠦᠨ ᠲᠠᠢᠽᠢ (太子) ᠶᠤᠮ᠃ ᠲᠤᠰ ᠡᠬᠡ ᠬᠠᠭᠤᠯᠤᠮᠠᠯ ᠳ᠋ᠤ᠌ ᠲᠠᠢᠵᠢ ᠪᠣᠯᠤᠨ ᠲᠠᠢᠽᠢ ᠶ᠋ᠢ ᠪᠢᠴᠢᠯᠭᠡ ᠶ᠋ᠢᠨ ᠲᠠᠯ᠎ᠠ ᠪᠠᠷ ᠡᠨᠳᠡᠭᠦᠷᠡᠭᠰᠡᠨ ᠭᠠᠵᠠᠷ ᠪᠣᠢ ᠃
④《 ᠶᠤᠸᠠᠨ ᠱᠢ 》 ᠳ᠋ᠦ᠍ ᠬᠠᠢᠰᠠᠩ ᠬᠠᠭᠠᠨ ᠤ᠋ ᠴᠣᠯᠠ ᠦᠽᠦ᠋ᠩ (武宗 )᠂ ᠡᠷᠭᠦᠮᠵᠢᠯᠡᠭᠰᠡᠨ ᠴᠣᠯᠠ《 仁惠宣孝皇帝 》( ᠡᠨᠡᠷᠡᠩᠭᠦᠢ ᠥᠷᠥᠰᠢᠶᠡᠯᠳᠦ ᠡᠶᠡᠪᠡᠷᠭᠦᠦ ᠠᠴᠢᠯᠠᠯᠲᠤ ᠬᠤᠸᠠᠩᠳᠢ ) ᠭᠡᠵᠡᠢ᠃ ᠮᠣᠩᠭᠣᠯ ᠢ᠋ᠶ᠋ᠠᠷ ᠴᠣᠯᠠ ᠶ᠋ᠢ ᠬᠦᠯᠦᠭ ᠬᠠᠭᠠᠨ ᠭᠡᠨ᠎ᠡ ᠃
⑥ ᠲᠡᠮᠦᠷ ᠮᠣᠭᠠᠢ ᠵᠢᠯᠲᠡᠢ᠄ ᠬᠦᠯᠦᠭ ᠬᠠᠭᠠᠨ ᠪᠣᠯ ᠲᠡᠮᠦᠷ ᠮᠣᠭᠠᠢ ᠵᠢᠯ᠂ ᠳᠠᠷᠤᠢ ᠴᠠᠭᠠᠨ ᠮᠤᠬᠠᠢ ᠵᠢᠯ᠂ ᠣᠨ ᠲᠣᠭᠠᠯᠠᠯ ᠤ᠋ᠨ 1281 ᠣᠨ ᠳ᠋ᠤ᠌ ᠲᠥᠷᠥᠭᠰᠡᠨ ᠪᠠᠢᠨ᠎ᠠ᠃
ᠪᠡᠴᠢᠨ ᡁᠢ ᠳᠡ ᠠᠩᠬᠠᠨ ᠣᠨ① ᠶᠡᠬᠡ ᠬᠠᠨ ᠣᠷᠣ ᠰᠠᠭᠤᠭᠠᠳ ᠳᠥᠷᠪᠡᠨ ᠣᠨ ᠪᠣᠯᠵᠤ᠂ ᠭᠤᠴᠢᠨ ᠨᠢᠭᠡᠨ ᠳ᠋ᠡᠭᠡᠨ ᠲᠡᠮᠦᠷ ᠭᠠᠬᠠᠢ ᡁᠢ ᠲᠠ ᠼᠢ ᠨᠢᠶᠠᠨ② ᠬᠠᠪᠤᠷ ᠤ᠋ᠨ ᠲᠡᠷᠢᠭᠦᠨ ᠰᠠᠷ᠎ᠠ ᠳᠠᠢᠳᠤ ᠬᠣᠲᠠᠨ᠎ᠠ ᠲᠩᠷᠢ ᠪᠤᠯᠠᠪᠠᠢ ᠃ ᠬᠣᠶᠠᠷ ᠬᠥᠪᠡᠭᠦᠨ ᠮᠢᠩ ᠽᠦᠩ ᠂ ᠨᠢᠩ ③ ᠪᠣᠢ ᠪᠣᠯᠪᠠᠴᠤ᠂ ᠳᠡᠭᠦᠦ ᠠᠶᠤᠷ ᠪᠠᠷᠠᠮᠢᠳ ᠢ᠋ ᠲᠥᠷᠥ ᠲᠣᠭᠲᠣᠭᠠᠭᠰᠠᠨ ᠶᠡᠬᠡ ᠬᠦᠩ ④ ᠬᠦᠴᠦᠨ ᠥᠭᠭᠦᠭᠰᠡᠨ ᠢ᠋ ᠬᠦᠩ ᠭᠡᠮᠡᠨ ᠬᠡᠯᠮᠥᠢ ᠪᠣᠢ ᠲᠤᠯᠠ ᠂ ᠬᠤᠸᠠᠩ ᠲᠠᠢᠽᠢ ᠠᠶᠣᠷᠪᠠᠷᠠᠮᠢᠳ ᠢ᠋ ᠬᠤᠸᠠᠩ ᠲᠠᠢᠽᠢ ᠤᠷᠢᠳᠠ [ ᠤᠷᠢᠳᠠ ] ᠪᠣᠯᠤᠭᠰᠠᠨ ᠢ᠋ᠶ᠋ᠠᠷ ᠶᠡᠬᠡ ᠲᠥᠷᠥ ᠶ᠋ᠢ ᠵᠠᠯᠭᠠᠮᠵᠢᠯᠠᠪᠠᠢ ᠃
ᠿᠸᠨ ᠽᠦᠩ ᠱᠸᠩ ᠸᠸᠨ ᠴᠢᠨ ᠰᠢᠶᠣᠤ ᠬᠤᠸᠠᠩᠳᠢ ᠪᠤᠶᠠᠨᠲᠤ ᠠᠶᠤᠷ ᠪᠡᠷᠢᠮᠢᠳ ᠬᠠᠭᠠᠨ⑤ ᠮᠣᠳᠣᠨ ᠲᠠᠬᠢᠶ᠎ᠠ ᠵᠢᠯᠲᠡᠢ⑥ ᠬᠣᠷᠢᠨ ᠨᠠᠢ᠍ᠮᠠᠨ ᠲᠠᠭᠠᠨ ᠬᠠᠷ᠎ᠠ ᠬᠤᠯᠤᠭᠠ [ ᠬᠤᠯᠤᠭᠠᠨ᠎ᠠ ] ᠬᠤᠸᠠᠩᠳᠢ ᠶ᠋ᠢᠨ ᠠᠩᠬᠠᠨ ᠣᠨ ⑦ ᠶᠡᠬᠡ ᠬᠠᠨ ᠣᠷᠣᠨ᠎ᠠ ᠰᠠᠭᠤᠵᠤ ᠶᠢᠰᠦᠨ ᠣᠨ ᠂ ᠭᠤᠴᠢᠨ ᠵᠢᠷᠭᠤᠭᠠᠨ
— — — —
① ᡁᠢ ᠳᠡ ᠠᠩᠬᠠᠨ ᠣᠨ᠄ ᠬᠦᠯᠦᠭ ᠬᠠᠭᠠᠨ ᠰᠠᠭᠤᠷᠢᠨ᠎ᠠ ᠰᠠᠭᠤᠭᠰᠠᠨ ᠠᠩᠬᠠᠨ ᠤ᠋ ᠣᠨ ᠢ᠋ᠶ᠋ᠠᠨ ᡁᠢ ᠳᠡ ( 至大) ᠶ᠋ᠢᠨ ᠠᠩᠬᠠᠨ ᠣᠨ ᠭᠡᠪᠡ ᠃ ᠡᠨᠡ ᠨᠢ ᠰᠢᠷᠣᠢ ᠪᠡᠴᠢᠨ ᠵᠢᠯ ᠂ ᠳᠠᠷᠤᠢ ᠰᠢᠷ᠎ᠠ ᠪᠡᠴᠢᠨ ᠂ ᠣᠨ ᠲᠣᠭᠠᠯᠠᠯ ᠤ᠋ᠨ1308 ᠣᠨ ᠪᠣᠯᠤᠨ᠎ᠠ ᠃
② ᡁᠢ ᠳᠡ ᠼᠢ ᠨᠢᠶᠠᠨ ᠄ ᡁᠢ ᠳᠡ ᠶ᠋ᠢᠨ ᠳᠥᠲᠥᠭᠡᠷ ᠣᠨ᠃ ᠡᠨᠡ ᠣᠨ ᠪᠣᠯ ᠲᠡᠮᠦᠷ ᠭᠠᠬᠠᠢ ᠵᠢᠯ ᠂ ᠣᠨ ᠲᠣᠭᠠᠯᠠᠯ ᠤ᠋ᠨ 1311 ᠣᠨ ᠪᠣᠯᠤᠨ᠎ᠠ᠃
③ ᠬᠦᠯᠦᠭ ᠬᠠᠭᠠᠨ ᠤ᠋ ᠶᠡᠬᠡ ᠬᠥᠪᠡᠭᠦᠨ ᠬᠦᠰᠡᠯᠠ ᠶ᠋ᠢ ᠬᠢᠲᠠᠳ ᠰᠤᠷᠪᠤᠯᠵᠢ ᠳ᠋ᠤ᠌ ᠮᠢᠩ ᠽᠦᠩ (明宗) ᠬᠤᠸᠠᠩᠳᠢ᠂ ᠬᠣᠶᠠᠳᠤᠭᠠᠷ ᠬᠥᠪᠡᠭᠦᠨ ᠲᠦᠭᠳᠡᠮᠦᠷ ᠢ᠋ ᠸᠸᠨ ᠼᠥ᠋ᠩ ( 文宗) ᠬᠤᠸᠠᠩᠳᠢ ᠭᠡᠬᠦ᠃ ᠡᠨᠳᠡ《ᠮᠢᠩ ᠽᠦᠩ᠂ ᠨᠢᠩ》 ᠭᠡᠵᠦ《 ᠨᠢᠩ ᠽᠦᠩ 》 ᠦ᠋ᠨ 《 ᠽᠦᠩ 》 ᠦᠰᠦᠭ ᠢ᠋ ᠣᠷᠬᠢᠭᠳᠠᠭᠤᠯᠵᠠᠢ ᠃
④ ᠲᠥᠷᠥ ᠲᠣᠭᠲᠠᠭᠠᠭᠰᠠᠨ ᠶᠡᠬᠡ ᠬᠦᠩ᠄ ᠡᠨᠳᠡ ᠬᠦᠯᠦᠭ ᠬᠠᠭᠠᠨ ᠤ᠋ ᠳᠡᠭᠦᠦ ᠠᠶᠣᠷᠪᠠᠷᠠᠮᠢᠳ᠂ ᠬᠦᠯᠦᠭ ᠬᠠᠭᠠᠨ ᠤ᠋ ᠶᠡᠬᠡ ᠣᠷᠣ ᠰᠠᠭᠤᠬᠤ ᠳ᠋ᠤ᠌ ᠬᠦᠴᠦᠨ ᠡᠷᠭᠦᠭᠰᠡᠨ ᠲᠡᠦᠬᠡ ᠶ᠋ᠢᠨ ᠶᠠᠪᠤᠳᠠᠯ ᠢ᠋ ᠳᠤᠷᠠᠳᠴᠠᠢ᠃ ᠲᠡᠮᠦᠷ ᠬᠠᠭᠠᠨ ᠤ᠋ ᠳᠥᠲᠥᠭᠡᠷ ᠣᠨ (ᠴᠧᠩ ᠽᠦᠩ ᠦ᠋ᠨ ᠳᠥᠷᠪᠡᠳᠦᠭᠡᠷ ᠣᠨ ) ᠠ᠋ᠴᠠ ᠠᠷᠪᠠᠳᠤᠭᠠᠷ ᠣᠨ ᠬᠦᠷᠲᠡᠯ᠎ᠡ ᠬᠠᠢᠰᠠᠩ ( ᠬᠦᠯᠦᠭ ᠬᠠᠭᠠᠨ ) ᠴᠡᠷᠢᠭ ᠳᠠᠢᠴᠢᠯᠠᠨ ᠠᠯᠲᠠᠢ ᠶᠢᠨᠬᠠᠪᠢ ᠪᠠᠷ ᠬᠠᠢᠳᠦ ᠪᠣᠯᠤᠨ ᠲᠡᠭᠦᠨ ᠦ᠌ ᠨᠠᠮᠲᠠᠨ ᠤ᠋ ᠤᠷᠪᠠᠯᠭᠠᠨ ᠢ᠋ ᠳᠠᠷᠤᠬᠤ ᠲᠡᠢᠨ ᠳ᠋ᠦ᠍ ᠶᠠᠪᠤᠵᠤ ᠪᠠᠢᠵᠠᠢ᠃ ᠠᠷᠪᠠᠳᠤᠭᠠᠷ ᠣᠨ ᠤ᠋ ᠨᠠᠮᠤᠷ ᠪᠣᠯᠬᠤ ᠳ᠋ᠤ᠌ ᠬᠠᠢᠰᠠᠩ ᠨᠢᠭᠡᠨᠲᠡ ᠬᠠᠢᠳᠦ ᠪᠣᠯᠤᠨ ᠲᠡᠭᠦᠨ ᠦ᠌ ᠨᠠᠮ ᠪᠦᠯᠦᠭᠲᠡᠨ ᠢ᠋ ᠲᠦᠪᠰᠢᠳᠬᠡᠭᠡᠳ ᠠᠯᠲᠠᠢ ᠳ᠋ᠤ᠌ ᠡᠪᠦᠯᠵᠢᠨ ᠪᠤᠴᠠᠵᠤ ᠢᠷᠡᠭᠰᠡᠨ ᠦᠭᠡᠢ ᠶᠦ᠍ᠮ ᠃ ᠠᠷᠪᠠᠨ ᠨᠢᠭᠡᠳᠦᠭᠡᠷ ᠣᠨ ᠤ᠋ ᠬᠠᠪᠤᠷ ᠲᠡᠮᠦᠷ ᠬᠠᠭᠠᠨ ᠨᠠᠰᠤ ᠪᠠᠷᠠᠪᠠ᠃ ᠡᠨᠡ ᠦᠶ᠎ᠡ ᠳ᠋ᠦ᠍ ᠬᠠᠢᠰᠠᠩ ᠠᠯᠲᠠᠢ ᠠ᠋ᠴᠠ ᠬᠠᠷ᠎ᠠ ᠬᠣᠷᠢᠨ ᠳ᠋ᠤ᠌ ᠢᠷᠡᠭᠡᠳ ᠪᠠᠢᠪᠠ ᠃ ᠲᠡᠮᠦᠷ ᠨᠠᠰᠤ ᠪᠠᠷᠠᠭᠰᠠᠨ ᠬᠣᠢᠨ᠎ᠠ ᠲᠡᠭᠦᠨ ᠦ᠌ ᠬᠥᠪᠡᠭᠦᠳ ᠳ᠋ᠠᠰᠢᠤ ᠡᠷᠲᠡ ᠦᠬᠦᠭᠰᠡᠨ ᠲᠤᠯᠠ ᠦᠶ᠎ᠡ ᠤᠯᠠᠷᠢᠨ ᠵᠠᠯᠭᠠᠮᠵᠢᠯᠠᠬᠤ ᠤᠳᠤᠮᠰᠢᠯ ᠢ᠋ᠶ᠋ᠠᠷ ᠬᠠᠭᠠᠨ ᠰᠠᠭᠤᠷᠢᠨ ᠢ᠋ ᠤᠳᠤᠮᠰᠢᠯ ᠢ᠋ᠶ᠋ᠠᠷ ᠬᠠᠢᠰᠠᠩ ᠵᠠᠯᠭᠠᠮᠵᠢᠯᠠᠬᠤ ᠶᠤᠮ᠃ ᠭᠡᠲᠡᠯ᠎ᠡ ᠡᠨᠡ ᠵᠠᠪᠰᠠᠷ ᠠ᠋ᠴᠠ ᠰᠢ ᠸᠠᠩ ᠠᠶᠠᠨᠳᠠ ᠪᠣᠯᠤᠨ ᠮᠢᠯᠢᠲᠡᠮᠦᠷ ᠸᠠᠩ᠂ ᠵᠡᠭᠦᠨ ᠭᠠᠷᠤᠨ ᠴᠧᠩᠰᠢᠶᠠᠩ ᠠᠬᠤᠲᠢ ᠵᠡᠷᠭᠡ ᠬᠥᠮᠦᠰ ᠬᠤᠤᠪᠢᠯᠳᠤᠨ ᠲᠡᠮᠦᠷ ᠬᠠᠭᠠᠨ ᠤ᠋ ᠬᠠᠲᠤᠨ ᠪᠠᠷᠤᠬᠠᠨ ( ᠵᠠᠷᠢᠮ ᠲᠡᠦᠬᠡᠨ ᠳ᠋ᠦ᠍ ᠪᠥᠷᠤᠬᠠᠨ ᠭᠡᠬᠦ ) ᠳ᠋ᠦ᠍ ᠲᠥᠷᠥ ᠪᠠᠷᠢᠭᠤᠯᠤᠨ ᠠᠨᠠᠨᠲᠠ ᠪᠠᠷ ᠬᠠᠪᠰᠤᠷᠠᠭᠤᠯᠬᠤ ᠭᠡᠵᠦ ᠪᠠᠢᠯ᠎ᠠ᠃ ᠡᠨᠡ ᠤᠴᠢᠷ ᠢ᠋ ᠠᠶᠤᠷᠪᠠᠷᠮᠢᠳ ᠮᠡᠳᠡᠵᠦ ᠣᠯᠤᠭᠰᠠᠨ ᠳᠠᠷᠤᠢ ᠡᠬᠡ ᠯᠤᠭᠡ ᠪᠡᠨ ᠵᠥᠪᠳᠡᠵᠦ ᠠᠨᠠᠨᠲᠠ ᠨᠠᠷ ᠤ᠋ᠨ ᠬᠤᠤᠪᠢᠯᠳᠤᠯᠭ᠎ᠠ ᠪᠦᠲᠦᠬᠦ ᠶ᠋ᠢᠨ ᠤᠷᠢᠳ ᠭᠠᠷ ᠬᠥᠳᠡᠯᠦᠨ ᠠᠨᠠᠨᠲᠠ ᠨᠠᠷ ᠢ᠋ ᠠᠯᠠᠵᠤ ᠬᠠᠢᠰᠠᠩ ᠢ᠋ ᠵᠠᠯᠠᠨ ᠬᠠᠭᠠᠨ ᠰᠠᠭᠤᠷᠢᠨ ᠳ᠋ᠤ᠌ ᠭᠠᠷᠭᠠᠭᠰᠠᠨ ᠶᠤᠮ᠃ ᠡᠨᠡ ᠤᠴᠢᠷ ᠠ᠋ᠴᠠ ᠪᠣᠯᠵᠤ ᠬᠠᠢᠰᠠᠩ ᠬᠠᠭᠠᠨ᠂ ᠠᠶᠤᠷᠪᠠᠷᠮᠢᠳ ᠢ᠋《ᠲᠥᠷᠥ ᠳ᠋ᠦ᠍ ᠬᠦᠴᠦᠨ ᠡᠷᠭᠦᠭᠰᠡᠨ ᠬᠦᠩ ᠭᠡᠮᠡᠨ 》ᠲᠠᠢᠽᠢ ᠡᠷᠭᠦᠮᠵᠢᠯᠡᠵᠡᠢ᠃ ᠡᠨᠡ ᠤᠴᠢᠷ ᠤ᠋ᠨ ᠲᠤᠬᠠᠢ ᠫᠧᠷᠰ ᠦ᠋ᠨ ᠲᠡᠦᠬᠡᠴᠢ ᠸᠠᠰᠡᠸ ᠲᠡᠮᠳᠡᠭᠯᠡᠭᠰᠡᠨ ᠨᠢ ᠄《ᠴᠢᠨ ᠸᠠᠩ ᠬᠠᠢᠰᠠᠩ ᠱᠠᠩᠳᠤ ᠶᠡᠬᠡ ᠬᠤᠷᠠᠯᠳᠤᠭᠠᠨ ᠳ᠋ᠤᠷ ᠣᠯᠠᠨ ᠸᠠᠩ ᠵᠠᠩᠵᠤᠨ ᠨᠠᠷ ᠤ᠋ᠨ ᠵᠦᠭ (ᠬᠠᠭᠠᠨ ᠤ᠋ ᠬᠠᠤᠯᠢ ᠵᠠᠰᠠᠭ ᠢ᠋ ᠦᠨᠳᠦᠰᠦᠯᠡᠪᠡᠰᠦ ᠬᠡᠨ ᠢᠨᠤ ᠬᠠᠭᠠᠨ ᠰᠠᠭᠤᠷᠢᠨ ᠢ᠋ ᠵᠠᠯᠭᠠᠮᠵᠢᠯᠠᠪᠠᠰᠤ ᠵᠣᠬᠢᠮᠤᠢ ? ) ᠭᠡᠮᠡᠨ ᠵᠠᠩᠲᠤᠨ ᠠᠰᠠᠭᠤᠭᠰᠠᠨ ᠳ᠋ᠤ᠌ ᠬᠤᠷᠠᠯ ᠳ᠋ᠤ᠌ ᠢᠷᠡᠭᠰᠡᠳ ᠨᠢᠭᠡᠨ ᠵᠡᠷᠭᠡ ᠪᠡᠷ (ᠬᠤᠪᠢᠯᠠᠢ ᠬᠠᠭᠠᠨ ᠰᠠᠭᠤᠷᠢᠨ᠎ᠠ ᠠᠬᠤᠢ ᠳ᠋ᠤᠷ ᠴᠢᠩᠭᠢᠮ ᠢ᠋ ᠬᠠᠭᠠᠨ ᠤ᠋ ᠲᠠᠢᠽᠢ ᠪᠣᠯᠭᠠᠵᠤᠬᠤᠢ ᠂ ᠠᠨᠠᠨᠲᠠ ᠡᠴᠢᠭᠡ ᠮᠡᠭᠡᠭᠡᠯᠡ ᠶ᠋ᠢ ᠵᠥᠪᠬᠡᠨ ᠨᠢᠭᠡᠨ ᠬᠢᠵᠠᠭᠠᠷ ᠢ᠋ ᠰᠠᠬᠢᠲᠤᠭᠠᠢ ᠬᠡᠮᠡᠭᠰᠡᠨ ᠪᠣᠯᠠᠢ᠂ ᠡᠢᠮᠦ ᠳ᠋ᠦ᠍ᠷ ᠶᠡᠬᠡ ᠣᠷᠣ ᠠᠨᠤ ᠬᠠᠢᠰᠠᠩ ᠤ᠋ᠨ ᠪᠣᠯᠠᠢ ) ᠭᠡᠮᠡᠨ ᠬᠡᠯᠡᠵᠦᠬᠦᠢ᠃ ᠮᠥᠨ ᠳᠠᠷᠤᠢ ᠳ᠋ᠤᠷ ᠬᠤᠷᠠᠯ ᠣᠷᠣᠯᠴᠠᠭᠰᠠᠳ ᠰᠢᠳᠤᠷᠭᠤ ᠪᠠᠲᠤ ᠶ᠋ᠢ ᠭᠦᠢᠴᠡᠳᠬᠡᠬᠦ ᠡᠷᠭᠦᠳᠡᠯ ᠪᠢᠴᠢᠨ ᠡᠷᠭᠦᠵᠦᠬᠦᠢ᠃ ᠲᠡᠷᠡ ᠳᠠᠷᠤᠢ ᠰᠢᠨ᠎ᠡ ᠡᠵᠡᠨ ᠲᠡᠭᠦᠨ ᠦ᠌ ᠳᠡᠭᠦᠦ ᠠᠶᠤᠷᠪᠠᠷᠮᠢᠳ ᠤ᠋ᠨ ᠭᠠᠪᠢᠶ᠎ᠠ ᠳ᠋ᠤᠷ ᠬᠠᠷᠢᠭᠤᠯᠬᠤ ᠶᠤᠮ ᠲᠤᠯᠠᠳᠠ ᠬᠥᠪᠡᠭᠦᠨ ᠢ᠋ᠶ᠋ᠡᠨ ᠲᠦᠯᠬᠢᠵᠦ ᠠᠶᠤᠷᠪᠠᠷᠮᠢᠳ ᠢ᠋ ᠬᠠᠭᠠᠨ ᠤ᠋ ᠲᠠᠢᠽᠢ ᠪᠣᠯᠭᠠᠨ ᠪᠠᠢᠭᠤᠯᠵᠤᠬᠤᠢ ᠭᠡᠵᠡᠢ ᠃
⑤ ᠠᠶᠤᠷ ᠪᠠᠷᠮᠢᠳ᠄ ᠠᠶᠤᠷᠪᠠᠷᠮᠢᠳ ᠢ᠋ ᠵᠠᠷᠢᠮ ᠰᠤᠳᠤᠷ ᠲᠤ᠌ ᠪᠠᠰᠠ ᠠᠶᠤᠷᠪᠠᠯᠪᠠᠳ ᠭᠡᠳᠡᠭ᠃《 ᠶᠤᠸᠠᠨ ᠰᠢ 》 ᠳ᠋ᠦ᠍ ᠡᠨᠡ ᠬᠠᠭᠠᠨ ᠤ᠋ ᠴᠣᠯᠠ ᠶ᠋ᠢ《 ᠿᠸᠨ ᠽᠦᠩ 》 ( 仁宗 )᠂ ᠨᠡᠬᠡᠵᠦ ᠡᠷᠭᠦᠭᠰᠡᠨ ᠴᠣᠯᠠ ᠶ᠋ᠢ 《圣文钦孝皇帝 》 ( ᠬᠢᠴᠢᠶᠡᠩᠭᠦᠢ ᠡᠯᠪᠡᠷᠢᠯᠲᠦ ᠦᠯᠡᠮᠵᠢ ᠦᠷᠦᠰᠢᠶᠡᠩᠭᠭᠦᠢ ᠭᠠᠢᠬᠠᠮᠰᠢᠭ ᠪᠣᠭᠳᠠ ᠬᠠᠭᠠᠨ ) ᠭᠡᠳᠡᠭ ᠃ ᠮᠣᠩᠭᠣᠯ ᠤ᠋ᠨ ᠪᠤᠶᠠᠨᠲᠤ ᠬᠠᠭᠠᠨ ᠭᠡᠮᠡᠨ ᠴᠣᠯᠠ ᠡᠷᠭᠦᠵᠡᠢ ᠃
⑥ ᠮᠣᠳᠣᠨ ᠲᠠᠬᠢᠶ᠎ᠠ ᠵᠢᠯᠲᠡᠢ᠄ ᠠᠶᠤᠷᠪᠠᠷᠮᠢᠳ ᠬᠠᠭᠠᠨ ᠤ᠋ ᠮᠡᠨᠳᠦᠯᠡᠭᠰᠡᠨ ᠣᠨ ᠂ ᠬᠥᠬᠡᠭᠴᠢᠨ ᠲᠠᠬᠢᠶ᠎ᠠ ᠵᠢᠯ ᠂ ᠣᠨ ᠲᠣᠭᠠᠯᠠᠯ ᠤ᠋ᠨ 1235 ᠣᠨ ᠪᠣᠯᠤᠨ᠎ᠠ ᠃
⑦ ᠬᠠᠷ᠎ᠠ ᠬᠤᠯᠤᠭᠠ ᠂ ᠬᠤᠸᠠᠩᠳᠢ ᠶ᠋ᠢᠨ ᠠᠩᠬᠠᠨ ᠤ᠋ ᠣᠨ᠄ ᠬᠠᠷ᠎ᠠ ᠬᠤᠯᠤᠭᠠᠨ᠎ᠠ ᠵᠢᠯ ᠂ ᠬᠤᠸᠠᠩ ᠴᠢᠨᠭ ᠦ᠋ᠨ ᠠᠩᠬᠠᠨ ᠣᠨ ᠂ ᠳᠠᠷᠤᠢ ᠣᠨ ᠲᠣᠭᠠᠯᠠᠯ ᠤ᠋ᠨ 1312 ᠣᠨ ᠪᠣᠯᠠᠢ ᠃ ᠪᠤᠶᠠᠨᠲᠤ ᠬᠠᠭᠠᠨ ᠡᠨᠡ ᠣᠨ ᠰᠠᠭᠤᠷᠢᠨ᠎ᠠ ᠰᠠᠭᠤᠵᠤ ᠣᠨ ᠤ᠋ ᠴᠣᠯᠠ ᠪᠠᠨ ᠬᠤᠸᠠᠩ ᠴᠢᠩ ( 皇庆 ) ᠭᠡᠵᠡᠢ ᠃ ᠡᠨᠡ ᠵᠢᠯ ᠪᠤᠶᠠᠨᠲᠤ ᠬᠠᠭᠠᠨ ᠬᠣᠷᠢᠨ ᠨᠠᠢ᠍ᠮᠠᠨ ᠨᠠᠰᠤᠲᠠᠢ᠃ ᠯᠣᠪᠰᠠᠩᠲᠠᠨᠵᠢᠨ ᠤ᠋ 《 ᠠᠯᠲᠠᠨ ᠲᠣᠪᠴᠢ 》 ᠪᠠ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌《 ᠭᠤᠴᠢᠨ ᠳᠣᠯᠣᠭᠠᠨ ᠢ᠋ᠶ᠋ᠠᠨ ᠶᠡᠬᠡ ᠣᠷᠣ ᠰᠠᠭᠤᠪᠠ 》ᠭᠡᠪᠡ ᠃
ᠳ᠋ᠠᠭᠠᠨ ᠲᠡᠮᠦᠷ ᠪᠡᠴᠢᠨ ᠶᠠᠨ ᠢᠥ ᠳᠣᠯᠣᠳᠤᠬᠠᠷ ᠣᠨ ① ᠬᠠᠪᠤᠷ ᠤ᠋ᠨ ᠲᠡᠷᠡᠭᠦᠨ ( ᠲᠡᠷᠢᠭᠦᠨ ) ᠰᠠᠷ᠎ᠠ ᠳᠠᠢᠳᠤ ᠬᠣᠲᠠᠨ᠎ᠠ ᠲᠡᠭᠷᠢ ᠪᠣᠯᠠᠪᠠᠢ ᠃
ᠿᠸᠨ ᠽᠦᠩ ᠬᠠᠭᠠᠨ ᠤ᠋ ᠬᠣᠶᠠᠷ ᠬᠥᠪᠡᠭᠦᠨ ᠵᠢᠩᠽᠦ᠋ᠩ ᠰᠣᠲᠠᠪᠠᠨ [ ᠢᠩ ᠽᠦᠩ ᠰᠣᠲᠠᠪᠠᠯᠠ ] ᠠᠨ ᠸᠠᠩ ᠣᠳᠣᠨ ᠪᠤᠬ᠎ᠠ ᠪᠤᠶᠤ ᠰᠢᠩ ᠽᠦᠩ ᠢᠦᠢ ᠱᠸᠩ ᠸᠸᠨ ᠰᠢᠶᠣᠤ ᠬᠤᠸᠠᠩᠳᠢ ᠭᠡᠭᠡᠨ ᠬᠠᠭᠠᠨ② ᠤᠰᠤᠨ ᠲᠠᠤᠯᠠᠢ ᠵᠢᠯᠲᠡᠢ③ ᠠᠷᠪᠠ ᠶᠢᠰᠦᠨ ᠳ᠋ᠡᠭᠡᠨ ᠲᠡᠮᠦᠷ ᠲᠠᠬᠢᠶ᠎ᠠ ᡁᠢ ᡁᠢ ᠠᠩᠬᠠᠨ ᠤ᠋ ᠣᠨ④ ᠶᠡᠬᠡ ᠬᠠᠨ ᠣᠷᠣ ᠰᠠᠭᠤᠭᠠᠳ ᠮᠢᠶᠠᠨ ᠮᠠᠯᠠᠭ᠎ᠠ ᠬᠥᠸᠠᠩ ᠲᠠᠪᠢᠯ⑤ ( ᠠᠩᠭᠢᠶᠠᠳ ᠂ ᠨᠠᠩᠭᠢᠶᠠᠳ ) ᠲᠥᠷᠥ ᠶ᠋ᠢᠨ ᠬᠣᠪᠠᠴᠠᠰᠣᠨ ᠲᠡᠷᠢᠭᠦᠲᠡᠨ [ ᠲᠡᠷᠢᠭᠦᠲᠡᠨ ] ᠢ᠋ ᠠᠷᠢᠯᠵᠢᠵᠤ ᠡᠮᠦᠰᠦᠭᠡᠳ ᠶᠣᠰᠣᠨ ᠢ᠋ ᠲᠣᠭᠣᠲᠣᠭᠠᠪᠠ ᠃
— — — —
① ᠲᠡᠮᠦᠷ ᠪᠡᠴᠢᠨ ᠶᠠᠨ ᠶᠢᠣ ᠳᠣᠯᠣᠳᠣᠬᠠᠷ ᠣᠨ ᠄ ᠳᠠᠷᠤᠢ ᠴᠠᠭᠠᠨ ᠪᠡᠴᠢᠨ ᠵᠢᠯ ᠣᠨ ᠲᠣᠭᠠᠯᠠᠯ ᠤ᠋ᠨ1320 ᠣᠨ ᠃ ᠡᠨᠡ ᠪᠣᠯ ᠶᠠᠨ ᠶᠢᠣ (延佑 ) ᠶ᠋ᠢᠨ ᠳᠣᠯᠣᠳᠤᠭᠠᠷ ᠣᠨ ᠶᠤᠮ ᠃ ᠪᠤᠶᠠᠨᠲᠤ ᠬᠠᠭᠠᠨ ᠡᠨᠡ ᠣᠨ ᠳ᠋ᠤ᠌ ᠨᠠᠰᠤ ᠪᠠᠷᠠᠵᠠᠢ ᠃
② ᠰᠣᠲᠠᠪᠠᠯᠠ ᠬᠠᠭᠠᠨ ᠢ᠋ ᠮᠣᠩᠭᠣᠯ ᠰᠤᠷᠪᠤᠯᠵᠢ ᠪᠢᠴᠢᠭ ᠲᠦ᠍ ᠰᠢᠲᠠᠨᠪᠠᠯᠠ ᠂ ᠰᠤᠤᠠᠪᠠᠯᠠ ᠭᠡᠵᠦ ᠪᠢᠴᠢᠳᠡᠭ ᠴᠦ᠍ ᠪᠣᠢ ᠃ 《 ᠶᠤᠸᠠᠨ ᠱᠢ 》 ᠳ᠋ᠦ᠍ ᠡᠨᠡ ᠬᠠᠭᠠᠨ ᠤ᠋ ᠴᠣᠯᠠ ᠶ᠋ᠢ ᠢᠩ ᠽᠦᠩ ( 英宗 )ᠭᠡᠵᠦ ᠨᠡᠬᠡᠵᠦ ᠡᠷᠭᠦᠮᠵᠢᠯᠡᠭᠰᠡᠨ ᠴᠣᠯᠠ ᠶ᠋ᠢ (睿圣文孝皇帝 )ᠭᠡᠭᠡᠨ ᠪᠣᠭᠳᠠ ᠭᠦᠨ ᠡᠯᠪᠡᠷᠢᠯᠲᠦ ᠬᠤᠸᠠᠩᠳᠢ ) ᠭᠡᠵᠢ ᠃ ᠮᠣᠩᠭᠣᠯ ᠢ᠋ᠶ᠋ᠠᠷ ᠭᠡᠭᠡᠨ ᠬᠠᠭᠠᠨ ᠭᠡᠨ᠎ᠡ ᠃
③ ᠤᠰᠤᠨ ᠲᠠᠤᠯᠢ ( ᠲᠠᠤᠯᠠᠢ ) ᠵᠢᠯᠲᠡᠢ ᠄ ᠭᠡᠭᠡᠨ ᠬᠠᠭᠠᠨ ᠡᠨᠡ ᠣᠨ ᠳ᠋ᠤ᠌ ᠮᠡᠨᠳᠦᠯᠡᠵᠡᠢ ᠃ ᠳᠠᠷᠤᠢ ᠬᠠᠷᠠᠭᠴᠢᠨ ᠲᠠᠤᠯᠠᠢ ᠵᠢᠯ᠂ ᠣᠨ ᠲᠣᠭᠠᠯᠠᠯ ᠤ᠋ᠨ 1303 ᠣᠨ ᠪᠣᠯᠤᠨ᠎ᠠ ᠃
④ ᠲᠡᠮᠦᠷ ᠲᠠᠬᠢᠶ᠎ᠠ ᡁᠢ ᡁᠢ ᠠᠩᠬᠠᠨ ᠣᠨ ᠄ ᠳᠠᠷᠤᠢ ᠴᠠᠭᠠᠭᠴᠢᠨ ᠲᠠᠤᠯᠠᠢ ᠵᠢᠯ ᠂ ᠣᠨ ᠲᠣᠭᠠᠯᠠᠯ ᠤ᠋ᠨ1321 ᠣᠨ ᠃ ᠡᠨᠡ ᠣᠨ ᠭᠡᠭᠡᠨ ᠬᠠᠭᠠᠨ ᠶᠡᠬᠡ ᠣᠷᠣ ᠰᠠᠭᠤᠵᠤ ᠣᠨ ᠤ᠋ ᠴᠣᠯᠠ ᠪᠠᠨ ᡁᠢ ᡁᠢ (至治 ) ᠭᠡᠵᠢ ᠃
⑤ ᠮᠢᠶᠠᠨ ᠮᠠᠯᠠᠭ᠎ᠠ ᠬᠦᠸᠠᠩ ᠲᠠᠪᠢᠯ《ᠮᠢᠶᠠᠨ 》ᠭᠡᠳᠡᠭ ᠨᠢ ᠬᠢᠲᠠᠳ ᠦᠰᠦᠭ ᠦ᠋ᠨ《冕 》ᠮᠥᠨ᠃ ᠬᠠᠭᠠᠨ ᠤ᠋ ᠶᠣᠰᠣᠯᠠᠯ ᠳ᠋ᠤᠷ ᠡᠮᠦᠰᠳᠡᠭ ᠮᠠᠯᠠᠭᠠᠢ ᠶ᠋ᠢ ᠬᠡᠯᠡᠨ᠎ᠡ ᠃ 《 ᠬᠦᠸᠠᠩ 》ᠭᠡᠳᠡᠭ ᠨᠢ ᠬᠢᠲᠠᠳ ᠦᠰᠦᠭ ᠦ᠋ᠨ 《衮 》ᠪᠣᠯᠤᠨ᠎ᠠ ᠃ ᠬᠠᠭᠠᠨ ᠤ᠋ ᠶᠣᠰᠣᠯᠠᠯ ᠳ᠋ᠤᠷ ᠡᠮᠦᠰᠳᠡᠭ ᠬᠤᠪᠴᠠᠰᠤ ᠶ᠋ᠢ ᠬᠡᠯᠡᠨ᠎ᠡ ᠃ ᠡᠭᠦᠨ ᠢ᠋ ᠭᠣᠮᠪᠣᠵᠠᠪ 《 ᠨᠠᠩᠭᠢᠶᠠᠳ ᠂ ᠬᠢᠲᠠᠳ ᠲᠥᠷᠥ ᠶ᠋ᠢᠨ ᠬᠤᠪᠴᠠᠰᠤ 》ᠭᠡᠵᠦ ᠲᠠᠢᠯᠪᠤᠷᠢᠯᠠᠵᠠᠢ᠃ ᠭᠡᠭᠡᠨ ᠬᠠᠭᠠᠨ ᠰᠠᠭᠤᠷᠢᠨ ᠵᠠᠯᠭᠠᠮᠵᠢᠯᠠᠭᠰᠠᠨ ᠤ᠋ ᠬᠣᠢᠨ᠎ᠠ ᠥᠪᠡᠷ ᠦ᠋ᠨ ᠪᠡᠶ᠎ᠡ ᠪᠡᠷ ᠢ᠋ᠶ᠋ᠡᠨ ᠳᠡᠭᠡᠳᠦᠰ ᠦ᠋ᠨ ᠰᠦᠮ᠎ᠡ ᠳ᠋ᠦ᠍ ᠣᠴᠢᠵᠤ ᠶᠣᠰᠣᠯᠠᠯ ᠭᠦᠢᠴᠡᠳᠬᠡᠬᠦ ᠲᠣᠭᠲᠠᠭᠠᠯ ᠭᠠᠷᠭᠠᠨ ᠲᠥᠷᠥ ᠶ᠋ᠢᠨ ᠶᠣᠰᠣᠨ ᠤ᠋ ᠮᠠᠯᠠᠭᠠᠢ ᠳᠡᠪᠡᠯ ᠵᠠᠩᠴᠢ ᠬᠦᠷᠮ᠎ᠡ ᠪᠡᠯᠡᠳᠬᠡᠯᠭᠡᠨ ᠠᠯᠢᠪᠠ ᠶᠣᠰᠣᠯᠠᠯ ᠢ᠋ ᠲᠣᠭᠲᠠᠭᠠᠭᠰᠠᠨ ᠤ᠋ ᠳᠠᠷᠠᠭ᠎ᠠ ᠵᠢᠯ ᠪᠦᠷᠢ ᠶ᠋ᠢᠨ ᠳᠥᠷᠪᠡᠨ ᠴᠠᠭ ᠢ᠋ᠶ᠋ᠠᠷ ᠳᠡᠭᠡᠳᠦᠰ ᠦ᠋ᠨ ᠰᠦᠮ᠎ᠡ ᠳ᠋ᠡᠭᠡᠨ ᠬᠦᠷᠴᠦ ᠶᠣᠰᠣᠯᠠᠯ ᠬᠢᠬᠦ ᠪᠣᠯᠵᠠᠢ᠃ ᠡᠨᠡ ᠶᠣᠰᠣᠯᠠᠯ ᠢ᠋ᠶ᠋ᠠᠨ ᠭᠡᠭᠡᠨ ᠬᠠᠭᠠᠨ《 ᠡᠨᠡ ᠢᠨᠥ ᠠᠯᠤᠰ ᠢ᠋ ᠮᠥᠷᠳᠡᠨ ᠤᠭ ᠲᠤᠷ ᠠᠴᠢᠯᠠᠬᠤ ᠶᠣᠰᠣᠨ ᠪᠣᠯᠠᠢ 》ᠭᠡᠵᠢ ᠃ ᠡᠨᠳᠡ《ᠶᠣᠰᠣᠨ ᠢ᠋ ᠲᠣᠭᠲᠣᠭᠠᠪᠡ ( ᠲᠣᠭᠲᠠᠭᠠᠪᠠ ) 》 ᠭᠡᠳᠡᠭ ᠨᠢ ᠳᠠᠷᠤᠢ ᠡᠨᠡ ᠤᠴᠢᠷ ᠢ᠋ ᠥᠭᠦᠯᠡᠵᠦ ᠪᠣᠢ ᠃
ᠭᠤᠷᠪᠠᠨ ᠣᠨ ᠪᠣᠯᠵᠤ ᠬᠣᠷᠢᠨ ᠨᠢᠭᠡᠨ ᠨᠠᠰᠤᠨ ᠳ᠋ᠠᠭᠠᠨ ᠤᠰᠤᠨ ᠭᠠᠬᠠᠢ ᠭᠤᠲᠠᠭᠠᠷ ᠣᠨ ① ᠨᠠᠮᠤᠷ ᠤ᠋ᠨ ᠳᠤᠮᠳᠠᠳᠤ ᠰᠠᠷ᠎ᠠ ᠡᠨᠡ ᠫᠦᠦ ᠨᠡᠷᠡᠲᠦ ᠭᠠᠵᠠᠷ ② ᠰᠠᠩᠲᠤ ᠡᠮᠦᠨ᠎ᠡ ᠪᠣᠢ ᠮᠣᠩᠭᠣᠯ ᠨᠠᠷ ᠮᠣᠷᠢᠨ ᠤ᠋ ᠡᠪᠡᠴᠢᠭᠦᠨ ᠬᠡᠮᠡᠬᠦ ᠪᠣᠢ ᠢᠦᠢ ᠰᠢ ᠬᠠᠹᠠᠨ ③ ᠲᠠᠪᠰᠢ ᠭᠠᠷᠠ ᠭᠦᠷᠦᠨ ᠲᠡᠭᠷᠢ ᠪᠣᠯᠪᠠᠢ ④᠃
— — — —
① ᠤᠰᠤᠨ ᠭᠠᠬᠠᠢ ᠭᠤᠲᠠᠭᠠᠷ ᠣᠨ ᠄ ᠬᠠᠷᠠᠭᠴᠢᠨ ᠭᠠᠬᠠᠢ ᠵᠢᠯ ᠂ ᠣᠨ ᠲᠣᠭᠠᠯᠠᠯ ᠤ᠋ᠨ 1323 ᠣᠨ ᠂ ᠡᠨᠡ ᠣᠨ ᠪᠣᠯ ᠳᠢ ᡁᠢ ᠶ᠋ᠢᠨ ᠭᠤᠲᠠᠭᠠᠷ ᠣᠨ ᠶᠤᠮ ᠃
② ᠤᠭ ᠵᠣᠬᠢᠶᠠᠯ ᠡᠨᠳᠡ ᠬᠦᠷᠦᠭᠡᠳ ( ᠤᠭ ᠬᠠᠭᠤᠯᠤᠮᠠᠯ ᠭᠡᠷᠡᠯ ᠵᠢᠷᠤᠭ ᠤ᠋ᠨ 8B ᠨᠢᠭᠤᠷ ᠤ᠋ᠨ 《 ᠁ ᠭᠤᠲᠠᠭᠠᠷ ᠣᠨ ᠨᠠᠮᠤᠷ ᠤ᠋ᠨ ᠳᠤᠮᠳᠠᠳᠤ ᠰᠠᠷ᠎ᠠ ᠨᠠᠨ ᠫᠥᠸ ᠨᠡᠷᠡᠲᠦ ᠭᠠᠵᠠᠷ᠎ᠠ 》 ᠬᠣᠢᠨ᠎ᠠ ᠨᠢ 《 ᠶᠡᠬᠡ ᠣᠷᠣ ᠰᠠᠭᠤᠵᠤ ᠶᠢᠰᠦᠨ ᠣᠨ ᠪᠣᠯᠤᠭᠠᠳ᠁᠁》 ᠵᠠᠯᠭᠠᠭᠰᠠᠨ ᠨᠢ ᠪᠤᠷᠤᠭᠤ ᠪᠣᠯᠤᠭᠰᠠᠨ ᠶᠤᠮ ᠃ ᠴᠣᠬᠣᠮ ᠵᠠᠯᠭᠠᠪᠠᠯ ᠵᠣᠬᠢᠬᠤ ᠭᠠᠵᠠᠷ ᠨᠢ ᠤᠭ ᠬᠠᠭᠤᠯᠤᠮᠠᠯ ᠭᠡᠷᠡᠯ ᠵᠢᠷᠤᠭ ᠤ᠋ᠨ 11B ᠨᠢᠭᠤᠷ ᠳᠠᠬᠢ 《 ᠰᠠᠩᠲᠤ ᠡᠮᠦᠨ᠎ᠡ ᠪᠣᠢ ᠮᠣᠩᠭᠣᠯ ᠨᠠᠷ ᠮᠣᠷᠢᠨ ᠤ᠋ ᠡᠪᠡᠴᠢᠭᠦᠨ ᠬᠡᠮᠡᠬᠦ ᠪᠣᠢ 》ᠭᠡᠳᠡᠭ ᠡᠴᠡ ᠡᠬᠢᠯᠡᠨ ᠵᠠᠯᠭᠠᠪᠠᠯ ᠲᠠᠭᠠᠷᠠᠬᠤ ᠶᠤᠮ᠃ ᠡᠨᠳᠡ ᠡᠨᠡ ᠪᠤᠷᠤᠭᠤ ᠶ᠋ᠢ ᠵᠠᠯᠠᠷᠠᠭᠤᠯᠪᠠ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠰᠣᠲᠠᠪᠠᠯᠠ ᠬᠠᠭᠠᠨ ᠢ᠋ 《 ᠬᠣᠷᠢᠨ ᠨᠢᠭᠡᠨ ᠨᠠᠰᠤᠨ ᠳ᠋ᠤᠷ ᠰᠠᠩᠲᠤ ᠶ᠋ᠢᠨ ᠡᠮᠦᠨ᠎ᠡ ᠮᠣᠷᠢᠨ ᠤ᠋ ᠡᠪᠴᠢᠭᠦᠨᠡ ᠲᠩᠷᠢ ᠪᠣᠯᠪᠠᠢ 》ᠭᠡᠵᠡᠢ ᠃ ᠡᠨᠡ ᠭᠠᠵᠠᠷ ᠡᠳᠦᠭᠡ ᠶ᠋ᠢᠨ ᠰᠢᠯᠢ ᠶ᠋ᠢᠨ ᠭᠣᠣᠯ ᠠᠢᠮᠠᠭ ᠤ᠋ᠨ ᠰᠢᠯᠤᠭᠤᠨ ᠬᠥᠬᠡ ᠬᠤᠰᠢᠭᠤᠨ ᠳ᠋ᠤ᠌ ᠪᠣᠢ ᠃
③ ᠢᠦᠢ ᠰᠢ ᠬᠠᠹᠠᠨ ᠄ ᠢᠦᠢ ᠱᠢ ᠬᠢᠲᠠᠳ ᠢ᠋ᠶ᠋ᠠᠷ 《御史 》 ᠭᠡᠨ᠎ᠡ ᠂《 ᠬᠠᠹᠠᠨ 》 ᠭᠡᠵᠦ ᠮᠠᠨᠵᠤ ᠦᠭᠡ ᠂ ᠨᠣᠶᠠᠳ ᠤ᠋ᠨ ᠬᠢᠶ᠎ᠡ ᠨᠠᠷ ᠤ᠋ᠨ ᠳᠠᠷᠤᠭ᠎ᠠ ᠭᠡᠰᠡᠨ ᠤᠳᠬ᠎ᠠ ᠲᠠᠢ ᠃ 《 ᠢᠦᠢ ᠱᠢ ᠬᠠᠹᠠᠨ 》 ᠭᠡᠵᠦ ᠬᠠᠭᠠᠨ ᠤ᠋ ᠰᠤᠳᠤᠷᠴᠢ ᠲᠦᠰᠢᠮᠡᠯ ᠂ ᠣᠯᠠᠨ ᠨᠣᠶᠠᠳ ᠲᠦᠰᠢᠮᠡᠳ ᠦ᠋ᠨ ᠤᠯᠤᠰ ᠲᠥᠷᠥ ᠶ᠋ᠢᠨ ᠪᠠᠢᠳᠠᠯ ᠢ᠋ ᠴᠠᠭᠳᠠᠨ ᠬᠢᠨᠠᠳᠠᠭ ᠲᠦᠰᠢᠮᠡᠯ ᠪᠣᠯᠠᠢ ᠃
④ ᠡᠨᠳᠡ ᠰᠣᠲᠠᠪᠠᠯᠠ ᠬᠠᠭᠠᠨ ᠤ᠋ ᠬᠣᠣᠷᠯᠠᠭᠳᠠᠭᠰᠠᠨ ᠤᠴᠢᠷ ᠢ᠋ ᠬᠡᠯᠡᠵᠡᠢ ᠃ ᠡᠨᠡ ᠬᠡᠷᠡᠭ ᠶᠠᠪᠤᠳᠠᠯ ᠢ᠋ ᠬᠢᠲᠠᠳ ᠤ᠋ᠨ 《 ᠵᠠᠰᠠᠭ ᠲᠤᠷ ᠲᠤᠰᠠᠯᠠᠬᠤ ᠨᠡᠪᠲᠡᠷᠬᠡᠢ ᠲᠣᠯᠢ ᠭᠠᠩ ᠮᠦ᠍ ᠶ᠋ᠢᠨ ᠦᠷᠭᠦᠯᠵᠢᠯᠡᠯ 》 ( 《资治通铿纲目续编 》 ) ᠳ᠋ᠦ᠍ᠷ ᠲᠡᠮᠳᠡᠭᠯᠡᠭᠰᠡᠨ ᠨᠢ ᠄ ᠡᠵᠡᠨ ᠢ᠋ᠶ᠋ᠡᠷ ( ᠰᠣᠲᠠᠪᠠᠯᠠ ᠬᠠᠭᠠᠨ ) ᠱᠠᠩᠳᠤ ᠶ᠋ᠢᠨ ᠡᠮᠦᠨ᠎ᠡ ᠬᠥᠲᠥᠯ ( ᠮᠣᠩᠭᠣᠯ ᠢ᠋ᠶ᠋ᠠᠷ ᠮᠣᠷᠢᠨ ᠤ᠋ ᠡᠪᠴᠢᠭᠦᠨ ) ᠭᠡᠵᠦ ᠬᠡᠯᠡᠨ᠎ᠡ ) ᠳ᠋ᠦ᠍ᠷ ᠠᠶᠠᠷᠯᠠᠵᠤ ᠰᠠᠭᠠᠲᠠᠪᠠᠢ᠃ ᠮᠥᠨ ᠰᠥᠨᠢ ᠳᠠᠪᠰᠢ ᠪᠠ ᠴᠢᠬᠤᠯᠠ ᠨᠢᠭᠤᠴᠠ ᠬᠦᠷᠢᠶᠡᠯᠡᠩ ᠦ᠋ᠨ ᠬᠡᠷᠡᠭ ᠮᠡᠳᠡᠭᠴᠢ ᠶᠢᠰᠦᠨᠲᠡᠮᠦᠷ ᠵᠢᠴᠢ ᠠᠲᠢᠪᠤᠬᠠ ᠵᠡᠷᠭᠡ ᠸᠠᠩ ᠨᠠᠷ ᠤᠷᠪᠠᠬᠤ ᠪᠠᠷ ᠬᠤᠤᠪᠢᠯᠳᠤᠭᠰᠠᠨᠠ ᠲᠠᠪᠰᠢ ᠶ᠋ᠢᠨ ᠳᠠᠭᠠᠭᠤᠯᠤᠭᠰᠠᠨ ᠠᠰᠦ ᠶ᠋ᠢᠨ ᠬᠡᠪᠲᠡᠭᠦᠯ ᠴᠡᠷᠢᠭ ᠭᠠᠳᠠᠨ᠎ᠠ ᠲᠠᠯ᠎ᠠ ᠠ᠋ᠴᠠ ᠬᠠᠪᠰᠤᠷᠴᠤᠬᠤᠢ᠃ ᠲᠡᠨᠳᠡᠴᠡ ᠲᠠᠪᠰᠢ ᠪᠠᠷ ᠤᠷᠢᠳᠤ ᠶ᠋ᠢᠨ ᠫᠢᠩ ᠵᠠᠩ ᠵᠧᠩ ᠱᠢ ᠰᠡᠴᠡᠨᠲᠡᠮᠦᠷ ᠯᠤᠭ᠎ᠠ ᠬᠠᠮᠲᠤᠷᠠᠨ ᠤᠷᠢᠳᠠᠪᠠᠷ ᠪᠠᠷᠠᠭᠤᠨ ᠭᠠᠷᠤᠨ ᠴᠧᠩᠰᠢᠶᠠᠩ ᠪᠠᠢᠲᠤ ᠶ᠋ᠢ ᠠᠯᠠᠵᠤ ᠳᠠᠷᠠᠭ᠎ᠠ ᠨᠢ ᠰᠢᠭᠤᠳ ᠡᠵᠡᠨ ᠦ᠌ ᠴᠠᠴᠠᠷ ᠲᠤ᠌ ᠭᠡᠨᠡᠳᠡᠨ ᠣᠷᠣᠵᠤ ᠡᠵᠡᠨ ᠢ᠋ ᠬᠡᠪᠲᠡᠷ ᠲᠣᠷ ᠭᠠᠷ ᠬᠦᠷᠴᠦ ᠬᠣᠷᠣᠭᠠᠪᠠᠢ 》ᠭᠡᠵᠡᠢ ᠃
ᠦᠷ᠎ᠡ ᠦᠭᠡᠢ ᠲᠤᠯᠠ ᠱᠢᠽᠤ ᠶ᠋ᠢᠨ ᠲᠠᠢᠽᠢ ᠠᠭᠰᠠᠨ ᠤ᠋ ᠶ᠋ᠢᠨ〔 ᠵᠧᠨ ᠦ᠌〕 ᠶ᠋ᠢᠨ ᠠᠴᠢ ᠠᠨ ᠸᠠᠩ〔 ᠤ᠋ᠨ ᠸᠠᠩ 〕 ᠬᠡᠮᠡᠯ᠎ᠡ〔 ᠭᠠᠮᠠᠯᠠ〕 ᠶ᠋ᠢᠨ ᠬᠥᠪᠡᠭᠦᠨ ᠲᠠᠶ᠋ᠶ᠋ᠲᠢᠩ ᠬᠠᠭᠠᠨ① ᠤᠰᠤᠨ ᠮᠣᠭᠠᠢ ᠵᠢᠯᠲᠡᠢ② ᠬᠤᠴᠢᠨ ᠬᠣᠶᠠᠷ ᠲᠠᠭᠠᠨ ᠮᠣᠳᠣᠨ ᠬᠤᠯᠤᠭᠠᠨ᠎ᠠ ᠲᠠᠢ᠍ᠲᠢᠩ ᠠᠩᠬᠠᠨ ᠣᠨ③ ᠶᠡᠬᠡ ᠬᠠᠨ ᠣᠷᠣ ᠰᠠᠭᠤᠭᠠᠳ ᠲᠠᠪᠤᠨ ᠵᠢᠯ ᠪᠣᠯᠵᠤ᠂ ᠭᠤᠴᠢᠨ ᠵᠢᠷᠭᠤᠭᠠᠨ ᠨᠠᠰᠤᠨ ᠳ᠋ᠠᠭᠠᠨ ᠰᠢᠷᠣᠢ ᠯᠤᠤ ᡁᠢ ᠾᠥ᠋ᠸ ᠠᠩᠬᠠᠨ ᠣᠨ④ ᠨᠠᠮᠤᠷ ᠤ᠋ᠨ ᠲᠡᠷᠢᠭᠦᠨ ᠰᠠᠷ᠎ᠠ ᠱᠠᠩᠳᠤ ᠬᠣᠲᠠ ⑤ ᠳ᠋ᠤᠷ ᠲᠡᠭᠷᠢ ᠪᠣᠯᠪᠠᠢ᠃ ᠲᠠᠢ᠍ᠢ᠍ᠲᠢᠩ ᠤ᠋ᠨ ᠳᠥᠷᠪᠡᠨ ᠬᠥᠪᠡᠭᠦᠨ ᠬᠤᠸᠠᠩ ᠲᠠᠢᠵᠢ ᠠᠰᠤᠭᠢᠸ᠋ᠠ ᠪᠠᠳᠮ᠎ᠠ ᠽᠠᠩᠪᠤ ᠲᠠᠢᠵᠢ ᠰᠤᠰᠠᠨ ᠲᠠᠢᠵᠢ᠂ ᠶᠣᠨᠲᠠᠨ ᠴᠢᠩᠪᠤ ᠲᠠᠢᠵᠢ ᠂ ᠡᠳᠡ ᠪᠣᠢ ᠂
— — — —
① ᠶᠢᠰᠦᠨᠲᠡᠮᠦᠷ ᠬᠠᠭᠠᠨ ᠤ᠋ ᠣᠨ ᠤ᠋ ᠴᠣᠯᠠ ᠶ᠋ᠢ ᠲᠠᠢ᠍ᠢ᠍ᠲᠢᠩ (泰定 ) ᠭᠡᠳᠡᠭ ᠃
② ᠤᠰᠤᠨ ᠮᠣᠭᠠᠢ ᠵᠢᠯ᠃ ᠳᠠᠷᠤᠢ ᠬᠠᠷᠠᠭᠴᠢᠨ ᠮᠣᠭᠠᠢ ᠵᠢᠯ ᠂ ᠣᠨ ᠲᠣᠭᠠᠯᠠᠯ ᠤ᠋ᠨ 1293 ᠣᠨ᠃
③ ᠮᠣᠳᠣᠨ ᠬᠤᠯᠤᠭᠠᠨ᠎ᠠ ᠵᠢᠯ ᠄ ᠳᠠᠷᠤᠢ ᠤᠯᠠᠭᠠᠨ ᠬᠤᠯᠤᠭᠠᠨ᠎ᠠ ᠵᠢᠯ ᠂ ᠣᠨ ᠲᠣᠭᠠᠯᠠᠯ ᠤ᠋ᠨ 1324 ᠣᠨ᠃ ᠡᠨᠡ ᠣᠨ ᠶᠢᠰᠦᠨᠲᠡᠮᠦᠷ ᠬᠠᠭᠠᠨ ᠰᠠᠭᠤᠷᠢᠨ ᠵᠠᠯᠭᠠᠮᠵᠢᠯᠠᠵᠤ ᠣᠨ ᠤ᠋ ᠴᠣᠯᠠ ᠪᠠᠨ ᠲᠠᠢ᠍ᠲᠢᠩ ᠭᠡᠵᠡᠢ᠃
④ ᠰᠢᠷᠣᠢ ᠯᠤᠤ ᠵᠢᠯ ᠄ ᠳᠠᠷᠤᠢ ᠰᠢᠷ᠎ᠠ ᠯᠤᠤ ᠵᠢᠯ ᠂ ᠣᠨ ᠲᠣᠭᠠᠯᠠᠯ ᠤ᠋ᠨ 1328 ᠣᠨ᠃ ᠡᠨᠡ ᠣᠨ ᠤ᠋ ᠬᠣᠶᠠᠳᠤᠭᠠᠷ ᠰᠠᠷ᠎ᠠ ᠳ᠋ᠤ᠌ ᠲᠠᠢ᠍ᠲᠢᠩ ᠤ᠋ᠨ ᠣᠨ ᠢ᠋ᠶ᠋ᠠᠨ ᡁᠢ ᠾᠧ (致合 ) ᠶ᠋ᠢᠨ ᠣᠨ ᠭᠡᠵᠦ ᠬᠡᠯᠡᠵᠡᠢ᠃
⑤ ᠱᠠᠩᠳᠤ ᠬᠣᠲᠠ ᠄ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌《 ᠡᠷᠲᠡ ᠶ᠋ᠢᠨ ᠬᠠᠳ ᠤ᠋ᠨ ᠰᠠᠭᠤᠭᠰᠠᠨ ᠵᠤᠰᠠᠯᠠᠩ ᠱᠠᠩᠳᠤ ᠶ᠋ᠢᠨ ᠰᠢᠷ᠎ᠠ ᠲᠠᠯ᠎ᠠ ᠮᠢᠨᠦ ᠂ ᠰᠡᠷᠡᠭᠦᠬᠡᠨ ᠰᠠᠢᠬᠠᠨ ᠺᠠᠢᠪᠤᠩ (开平 ) ᠱᠠᠩᠳᠤ ᠮᠢᠨᠦ 》 ᠂ 《 ᠵᠤᠨ ᠤ᠋ ᠵᠤᠰᠠᠯᠠᠩ ᠺᠠᠢᠪᠤᠩ ᠱᠠᠩᠳᠤ ᠮᠢᠨᠦ ᠁ ᠬᠤᠪᠢᠯᠭᠠᠨ ᠰᠡᠴᠡᠨ ᠬᠠᠭᠠᠨ ᠵᠤᠰᠠᠨᠠᠮ ᠪᠥᠯᠥᠭᠡ ᠱᠠᠩᠳᠤ 》 ᠭᠡᠵᠦ ᠲᠡᠮᠳᠡᠭᠯᠡᠭᠰᠡᠨ ᠨᠢ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠬᠣᠲᠠ ᠶ᠋ᠢ ᠬᠡᠯᠡᠵᠦ ᠪᠠᠢᠬᠤ ᠶᠤᠮ᠃ ᠡᠨᠡ ᠬᠣᠲᠠ ᠶ᠋ᠢ 1256 ᠣᠨ ᠳ᠋ᠤ᠌ ᠬᠤᠪᠢᠯᠠᠢ ᠰᠡᠴᠡᠨ ᠬᠠᠭᠠᠨ ᠤ᠋ ᠵᠠᠷᠯᠢᠭ ᠢ᠋ᠶ᠋ᠠᠷ ᠪᠠᠢᠭᠤᠯᠵᠤ ᠺᠠᠢᠪᠢᠩᠹᠦ᠋ (开平府 ) ᠭᠡᠵᠦ ᠨᠡᠷᠡᠢᠳᠴᠡᠢ᠃1264 ᠣᠨ ᠳ᠋ᠤ᠌ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ (上都 ) ᠭᠡᠪᠡ ᠃ ᠬᠣᠵᠢᠮ ᠨᠢ ᠬᠤᠪᠢᠯᠠᠢ ᠬᠠᠭᠠᠨ ᠳᠠᠢᠳᠤ (大都 ) ᠳ᠋ᠤ᠌ ᠨᠡᠢᠰᠯᠡᠭᠰᠡᠨ ᠡᠴᠡ ᠡᠨᠡ ᠬᠣᠲᠠ ᠨᠢ ᠶᠤᠸᠠᠨ ᠤᠯᠤᠰ ᠤ᠋ᠨ ᠬᠠᠭᠠᠳ ᠤ᠋ᠨ 《 ᠵᠤᠨ ᠤ᠋ ᠵᠤᠰᠠᠯᠠᠩ 》 ᠪᠣᠯᠵᠠᠢ᠃ ᠱᠠᠩᠬᠳᠦ ᠬᠣᠲᠠ ᠶ᠋ᠢᠨ ᠪᠠᠯᠭᠠᠰᠤ ᠣᠳᠣ ᠶ᠋ᠢᠨ ᠥᠪᠥᠷ ᠮᠣᠩᠭᠣᠯ ᠤ᠋ᠨ ᠰᠢᠯᠤᠭᠤᠨ ᠬᠥᠬᠡ ᠬᠤᠰᠢᠭᠤᠨ ᠳ᠋ᠤ᠌ ᠪᠣᠢ᠃
ᠮᠥᠨ ᠣᠨ ᠨᠠᠮᠤᠷ ᠤ᠋ᠨ ᠳᠤᠮᠳᠠᠳᠤ ᠰᠠᠷ᠎ᠠ ᠬᠤᠸᠠᠩ ᠲᠠᠢᠶ᠋ᠢ ᠠᠰᠤᠭᠢᠸ᠋ᠠ ᠶᠡᠬᠡ ᠬᠠᠨ ᠣᠷᠣ ᠰᠠᠭᠤᠭᠠᠳ ᠭᠤᠷᠪᠠᠨ ᠰᠠᠷ᠎ᠠ ᠪᠣᠯᠵᠤ ᠡᠪᠦᠯ ᠦ᠋ᠨ ᠲᠡᠷᠢᠭᠦᠨ ᠰᠠᠷ᠎ᠠ ᠲᠤᠭ ᠲᠡᠮᠦᠷ ᠦ᠋ᠨ ᠬᠢᠮᠤᠷᠠᠯ① ᠳ᠋ᠤᠷ ᠱᠠᠩᠳᠤ ᠶᠦᠸᠠᠨ ᠡᠪᠳᠡᠷᠡᠵᠦ ᠬᠢᠮᠤᠷᠬᠠᠪᠠᠢ ᠵᠠᠪᠬᠠᠷᠪᠠᠢ ᠃
— — — —
① ᠲᠤᠭ ᠲᠡᠮᠦᠷ ᠦ᠋ᠨ ᠬᠢᠮᠤᠷᠠᠯ ᠄ ᠡᠨᠡ ᠪᠣᠯ 1328 ᠣᠨ ᠳ᠋ᠤ᠌ ᠪᠣᠯᠤᠭᠰᠠᠨ ᠶᠢᠰᠦᠨᠲᠡᠮᠦᠷ ᠬᠠᠭᠠᠨ ᠨᠠᠰᠤ ᠪᠠᠷᠠᠭᠰᠠᠨ ᠤ᠋ ᠳᠠᠷᠠᠭ᠎ᠠ ᠬᠠᠭᠠᠨ ᠰᠠᠭᠤᠷᠢᠨ ᠵᠠᠯᠭᠠᠮᠵᠢᠯᠠᠬᠤ ᠠᠰᠠᠭᠤᠳᠠᠯ ᠳᠡᠭᠡᠷ᠎ᠡ ᠭᠠᠷᠤᠭᠰᠠᠨ ᠨᠢᠭᠡᠨ ᠤᠳᠠᠭᠠᠨ ᠤ᠋ ᠡᠷᠬᠡ ᠪᠤᠯᠢᠶᠠᠯᠳᠤᠭᠰᠠᠨ ᠤᠯᠤᠰ ᠲᠥᠷᠥ ᠶ᠋ᠢᠨ ᠬᠢᠮᠤᠷᠠᠯ ᠶᠤᠮ᠃ ᠡᠨᠡ ᠶᠠᠪᠤᠳᠠᠯ ᠢ᠋ ᠭᠣᠮᠪᠣᠵᠠᠪ 《ᠲᠤᠭ ᠲᠡᠮᠦᠷ ᠦ᠋ᠨ ᠬᠢᠮᠤᠷᠠᠯ 》 ᠭᠡᠵᠦ ᠨᠡᠷᠡᠯᠡᠵᠡᠢ ᠃ ᠶᠢᠰᠦᠨᠲᠡᠮᠦᠷ ᠱᠠᠩᠳᠤ ᠳ᠋ᠤ᠌ ᠨᠠᠰᠤ ᠪᠠᠷᠠᠭᠰᠠᠨ ᠤ᠋ ᠳᠠᠷᠠᠭ᠎ᠠ ᠲᠡᠭᠦᠨ ᠦ᠌ ᠶᠡᠬᠡ ᠬᠥᠪᠡᠭᠦᠨ ᠠᠰᠤᠬᠡᠪ᠊ ( ᠮᠣᠩᠭᠣᠯ ᠰᠤᠷᠪᠤᠯᠵᠢ ᠪᠢᠴᠢᠭ ᠲᠦ᠍ ᠠᠰᠤᠴᠢᠪᠠᠤ᠂ ᠷᠠᠴᠢᠪᠠᠭ ᠭᠡᠰᠡᠨ ᠴᠦ᠍ ᠪᠣᠢ ᠂ ᠬᠢᠲᠠᠳ ᠰᠤᠷᠪᠤᠯᠵᠢ ᠪᠢᠴᠢᠭ ᠲᠦ᠍ 《阿速吉八》 ᠭᠡᠬᠦ ) ᠶᠢᠰᠦᠨ ᠨᠠᠰᠤᠲᠠᠢ ᠬᠠᠭᠠᠨ ᠰᠠᠭᠤᠪᠠ ᠃ ᠡᠨᠡ ᠦᠶ᠎ᠡ ᠳ᠋ᠦ᠍ ᠳᠠᠢᠳᠤ ᠶ᠋ᠢ ᠰᠠᠬᠢᠵᠤ ᠪᠠᠢᠭᠰᠠᠨ ᠴᠢᠬᠤᠯᠠ ᠨᠢᠭᠤᠴᠠ ᠬᠦᠷᠢᠶᠡᠯᠡᠩ ᠦ᠋ᠨ ᠬᠡᠷᠡᠭ ᠮᠡᠳᠡᠭᠴᠢ ᠶᠡᠬᠡ ᠲᠡᠮᠦᠷ ᠪᠣᠯᠤᠨ ᠰᠢ ᠠᠨ ᠸᠠᠩ ᠷᠠᠤᠠᠨᠠᠰᠢᠷᠠᠨ ᠵᠠᠪᠰᠢᠶᠠᠨ ᠢ᠋ ᠳᠠᠯᠢᠮᠳᠠᠭᠤᠯᠤᠨ ᠬᠠᠢᠰᠠᠩ ᠬᠠᠭᠠᠨ ᠤ᠋ ᠬᠥᠪᠡᠭᠦᠨ ᠲᠤᠭ ᠲᠡᠮᠦᠷ ( ᠲᠦᠭᠲᠡᠮᠦᠷ ) ᠢ᠋ ᠰᠠᠭᠤᠷᠢᠨ ᠳ᠋ᠤ᠌ ᠭᠠᠷᠭᠠᠬᠤ ᠪᠠᠷ ᠣᠷᠣᠯᠳᠣᠪᠠ ᠂ ᠶᠡᠬᠡ ᠲᠡᠮᠦᠷ ᠤᠤᠯ ᠨᠢ ᠬᠠᠢᠰᠠᠩ ᠬᠠᠭᠠᠨ ᠠᠯᠲᠠᠢ ᠶ᠋ᠢᠨ ᠬᠢᠵᠠᠭᠠᠷ ᠢ᠋ ᠰᠠᠬᠢᠵᠤ ᠪᠠᠢᠭ᠎ᠠ ᠦᠶ᠎ᠡ ᠳ᠋ᠦ᠍ ᠭᠠᠷ ᠳᠣᠣᠷ᠎ᠠ ᠨᠢ ᠪᠠᠢᠵᠤ ᠢᠲᠡᠭᠡᠯ ᠬᠦᠨᠳᠦ ᠶ᠋ᠢ ᠣᠯᠵᠠᠢ᠃ ᠬᠣᠢᠨ᠎ᠠ ᠨᠢ ᠬᠠᠢᠰᠠᠩ ᠰᠠᠭᠤᠷᠢᠨ ᠢ᠋ ᠵᠠᠯᠭᠠᠮᠵᠢᠯᠠᠭᠰᠠᠨ ᠤ᠋ ᠳᠠᠷᠠᠭ᠎ᠠ ᠶᠡᠬᠡ ᠲᠡᠮᠦᠷ ᠢ᠋ ᠥᠨᠳᠥᠷ ᠵᠡᠷᠭᠡ ᠳ᠋ᠦ᠍ ᠳᠡᠪᠰᠢᠭᠦᠯᠦᠨ ᠬᠦᠨᠳᠦ ᠬᠡᠷᠡᠭᠯᠡᠵᠡᠢ ᠃ ᠡᠭᠦᠨ ᠡᠴᠡ ᠪᠣᠯᠵᠤ ᠶᠡᠬᠡ ᠲᠡᠮᠦᠷ ᠡᠷᠬᠡ ᠰᠦᠷ ᠢ᠋ᠶ᠋ᠡᠨ ᠠᠰᠢᠭᠯᠠᠨ ᠬᠠᠢᠰᠠᠩ ᠤ᠋ᠨ ᠶᠡᠬᠡ ᠬᠦᠦ ᠲᠤᠭ ᠲᠡᠮᠦᠷ ( ᠲᠦᠭᠲᠡᠮᠦᠷ ) ᠢ᠋ ᠰᠠᠭᠤᠷᠢᠨ ᠳ᠋ᠤ᠌ ᠭᠠᠷᠭᠠᠬᠤ ᠪᠠᠷ ᠬᠤᠤᠪᠢᠯᠳᠤᠨ ᠨᠢᠭᠡᠨ ᠤᠳᠠᠭ᠎ᠠ ᠶ᠋ᠢᠨ ᠣᠷᠳᠣᠨ ᠤ᠋ ᠬᠤᠪᠢᠰᠤᠯ ᠭᠠᠷᠭᠠᠵᠠᠢ ᠃ ᠲᠡᠷᠡ ᠥᠪᠡᠷ ᠦ᠋ᠨ ᠨᠠᠮᠲᠠᠨ ᠪᠠ ᠴᠡᠷᠢᠭ ᠢ᠋ᠶ᠋ᠡᠨ ᠳᠠᠭᠠᠭᠤᠯᠤᠨ ᠰᠦᠷ ᠬᠦᠴᠦᠨ ᠢ᠋ᠶ᠋ᠡᠷ ᠫᠢᠩ ᠵᠠᠩ ᠵᠧᠩ ᠰᠢ ᠲᠡᠷᠢᠭᠦᠲᠡᠨ ᠣᠯᠠᠨ ᠨᠣᠶᠠᠳ ᠲᠦᠰᠢᠮᠡᠳ ᠢ᠋ ᠪᠡᠷᠢᠯᠡᠵᠦ ᠭᠢᠨᠳᠠᠨ ᠳ᠋ᠤ᠌ ᠬᠣᠷᠢᠭᠠᠳ ᠥᠪᠡᠷ ᠦ᠋ᠨ ᠨᠠᠮᠲᠠᠨ ᠢ᠋ᠶ᠋ᠠᠷ ᠢ᠋ᠶ᠋ᠠᠨ ᠣᠷᠣᠯᠠᠭᠤᠯᠵᠤ ᠲᠤᠭ ᠲᠡᠮᠦᠷ ( ᠲᠦᠭᠲᠡᠮᠦᠷ ) ᠢ᠋ ᠬᠠᠭᠠᠨ ᠪᠣᠯᠭᠠᠬᠤ ᠭᠡᠮᠡᠨ ᠬᠦᠴᠦᠨ ᠢ᠋ᠶ᠋ᠡᠷ ᠲᠣᠭᠲᠠᠭᠠᠵᠠᠢ᠃ ᠲᠤᠬᠠᠢ ᠶ᠋ᠢᠨ ᠦᠶ᠎ᠡ ᠳ᠋ᠦ᠍ ᠲᠤᠭ ᠲᠡᠮᠦᠷ ᠲᠥᠷᠥ ᠳ᠋ᠦ᠍ ᠦᠭᠡᠢ ᠪᠠᠢᠪᠠ᠃ ᠲᠤᠭ ᠲᠡᠮᠦᠷ ᠳᠠᠢᠳᠤ ᠳ᠋ᠤ᠌ ᠢᠷᠠᠭᠰᠠᠨ ᠤ᠋ ᠳᠠᠷᠠᠭ᠎ᠠ ᠲᠡᠭᠦᠨ ᠦ᠌ ᠠᠬ᠎ᠠ ᠬᠣᠰᠢᠯᠠ ( ᠬᠦᠰᠡᠯ᠎ᠡ ) ᠶ᠋ᠢ ᠰᠠᠭᠤᠷᠢᠨ ᠳ᠋ᠤ᠌ ᠭᠠᠷᠭᠠᠬᠤ ᠰᠠᠨᠠᠭ᠎ᠠ ᠲᠠᠢ ᠪᠠᠢᠭᠰᠠᠨ ᠴᠤ᠌ ᠶᠡᠬᠡ ᠲᠡᠮᠦᠷ ᠦ᠋ᠨ ᠰᠢᠬᠠᠮᠳᠠᠯᠭ᠎ᠠ ᠶ᠋ᠢᠨ ᠳᠣᠣᠷ᠎ᠠ ᠠᠷᠭ᠎ᠠ ᠪᠤᠰᠤ ᠬᠠᠭᠠᠨ ᠰᠠᠭᠤᠷᠢᠨ᠎ᠠ ᠭᠠᠷᠪᠠ᠃ ᠡᠭᠦᠨᠴᠡ ᠠᠰᠤᠬᠢᠸᠠ ᠶ᠋ᠢ ᠬᠦᠷᠢᠶᠡᠯᠡᠭᠴᠢ ᠡᠲᠡᠭᠡᠳ ᠪᠣᠯᠤᠨ ᠲᠤᠭ ᠲᠡᠮᠦᠷ ᠢ᠋ ᠬᠦᠷᠢᠶᠡᠯᠡᠭᠴᠢ ᠡᠲᠡᠭᠡᠳ ᠬᠣᠭᠣᠷᠣᠨᠳᠣ ᠪᠠᠨ ᠰᠠᠮᠠᠭᠤᠨ ᠲᠡᠢᠨ ᠡᠭᠦᠰᠬᠡᠵᠡᠢ ᠃ ᠡᠨᠡ ᠲᠡᠢᠨ ᠳ᠋ᠦ᠍ ᠶᠡᠬᠡ ᠲᠡᠮᠦᠷ ᠱᠠᠩᠳᠤ ᠶ᠋ᠢ ᠪᠦᠰᠡᠯᠡᠨ ᠡᠵᠡᠯᠡᠭᠰᠡᠨ ᠪᠠ ᠪᠠᠭ᠎ᠠ ᠡᠵᠡᠨ ᠠᠰᠣᠭᠢᠸ᠋ᠠ ᠪᠠᠷᠤᠭ ᠡᠨᠡ ᠲᠡᠢᠨ ᠳ᠋ᠦ᠍ ᠦᠬᠦᠭᠰᠡᠨ ᠪᠣᠯᠤᠯᠲᠠᠢ ᠃

