ᠦᠷ᠎ᠡ ᠶ᠋ᠢᠨ ᠰᠠᠨᠠᠭᠠᠯᠵᠠᠯ – ᠦᠭᠡ ᠄ ᠠ ᠂ ᠤᠷᠲᠤᠨᠠᠰᠤᠨ᠂ ᠠᠶ᠎ᠠ ᠄ ᠷᠠᠪᠲᠡᠨ Үрийн санагалзал – Үг ᠄ А ᠂ Уртнасан ᠂ Ая ᠄ Равдан
ᠦᠷ᠎ᠡ ᠶ᠋ᠢᠨ ᠰᠠᠨᠠᠭᠠᠯᠵᠠᠯ
ᠦᠭᠡ ᠄ ᠠ ᠂ ᠤᠷᠲᠤᠨᠠᠰᠤᠨ
ᠠᠶ᠎ᠠ ᠄ ᠷᠠᠪᠲᠡᠨ
ᠡᠬᠡ ᠶ᠋ᠢᠨ ᠰᠡᠤᠠᠬᠢᠯ ᠦᠷ᠎ᠡ ᠳ᠋ᠡᠭᠡᠨ ᠭᠡᠵᠦ
ᠡᠩᠬᠦᠷᠡᠶ᠋ᠢᠯᠡᠵᠦ ᠡᠵᠢ ᠮᠢᠨᠢ ᠰᠠᠨᠠᠲᠠᠭ ᠰᠠᠨ ᠂
ᠡᠷᠲᠡ ᠶ᠋ᠢᠨ ᠴᠠᠢ ᠶ᠋ᠢᠨ ᠶ᠋ᠢᠡᠨ ᠳᠡᠭᠡᠵᠢ ᠪᠡᠷ ᠶ᠋ᠢᠡᠨ
ᠡᠩᠬᠡ ᠮᠡᠨᠲᠦ ᠶ᠋ᠢ ᠮᠢᠨᠢ ᠢᠷᠦᠭᠡᠳᠡᠭ ᠰᠠᠨ ᠃
ᠡᠷ᠎ᠡ ᠬᠥᠮᠦᠨ ᠪ ᠵᠢᠯᠣᠭᠣ ᠤᠷᠲᠤ ᠭᠡᠵᠦ
ᠢᠯᠪᠢᠵᠦ ᠡᠵᠢ ᠮᠢᠨᠢ ᠰᠤᠷᠭᠠᠲᠠᠭ ᠰᠠᠨ ᠂
ᠡᠷᠡᠬᠡᠢ ᠶ᠋ᠢᠨ ᠴᠢᠨᠡᠭᠡ ᠪᠠᠶ᠋ᠢᠬᠤ ᠠ᠋ᠴᠠ ᠮᠢᠨᠢ
ᠡᠷᠬᠢᠮ ᠶᠣᠰᠣ ᠶ᠋ᠢ ᠰᠣᠶᠣᠷᠬᠠᠲᠠᠭ ᠰᠠᠨ ᠃
ᠡᠬᠡ ᠰᠡᠤᠠᠬᠢᠯ ᠦᠷ᠎ᠡ ᠳ᠋ᠡᠭᠡᠨ ᠭᠡᠵᠦ
ᠡᠩᠬᠦᠷᠡᠶ᠋ᠢᠯᠡᠵᠦ ᠡᠵᠢ ᠮᠢᠨᠢ ᠰᠠᠨᠠᠲᠠᠭ ᠰᠠᠨ ᠂
ᠡᠷᠲᠡ ᠶ᠋ᠢᠨ ᠴᠠᠢ ᠶ᠋ᠢᠨ ᠳᠡᠭᠡᠵᠢ ᠪᠡᠷ ᠶ᠋ᠢᠡᠨ
ᠡᠩᠬᠡ ᠮᠡᠨᠲᠦ ᠶ᠋ᠢ ᠮᠢᠨᠢ ᠢᠷᠦᠭᠡᠳᠡᠭ ᠰᠠᠨ ᠂
ᠡᠷ᠎ᠡ ᠬᠥᠮᠦᠨ ᠪ ᠵᠢᠯᠣᠭᠣ ᠤᠷᠲᠤ ᠭᠡᠵᠦ
ᠢᠯᠪᠢᠵᠦ ᠡᠵᠢ ᠮᠢᠨᠢ ᠰᠤᠷᠭᠠᠲᠠᠭ ᠰᠠᠨ ᠂
ᠡᠷᠡᠬᠡᠢ ᠶ᠋ᠢᠨ ᠴᠢᠨᠡᠭᠡ ᠪᠠᠶ᠋ᠢᠬᠤ ᠠ᠋ᠴᠠ ᠮᠢᠨᠢ
ᠡᠷᠬᠢᠮ ᠶᠣᠰᠣ ᠶ᠋ᠢ ᠰᠤᠶᠤᠷᠬᠠᠲᠠᠭ ᠰᠠᠨ ᠃
ᠦᠷ᠎ᠡ ᠶ᠋ᠢᠨ ᠰᠠᠨᠠᠬ᠋᠎ᠠ ᠠᠭᠤᠯᠠᠨ ᠳ᠋ᠦ᠍ ᠭᠡᠵᠦ
ᠦᠷᠭᠦᠯᠵᠢ ᠡᠵᠢ ᠮᠢᠨᠢ ᠶᠠᠷᠢᠲᠠᠭ ᠰᠠᠨ ᠂
ᠡᠷ᠎ᠡ ᠶ᠋ᠢᠨ ᠴᠡᠭᠡᠯ ᠊ᠢ ᠭᠦᠢᠴᠡᠭᠡᠭᠡᠳ
ᠡᠷᠲᠡᠮ ᠦ᠋ᠨ ᠣᠷᠭᠢᠯ ᠊ᠢ ᠵᠣᠷᠢᠯ᠎ᠠ ᠪᠢ ᠃
( ᠳᠠᠭᠢᠯᠲᠠ )
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠮᠢᠭᠮᠡᠷ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ17 ᠪ ᠡᠲᠦᠷ


