ᠪᠢ ᠰᠡᠭᠦᠳᠡᠷ ᠲᠠᠢ ᠪᠠᠨ – ᠲ ᠂ ᠭᠣᠮᠪᠣᠵᠠᠪ Би сүүдэртайгаа – Т᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠰᠡᠭᠦᠳᠡᠷ ᠲᠠᠢ ᠪᠠᠨ – ᠲ ᠂ ᠭᠣᠮᠪᠣᠵᠠᠪ Би сүүдэртайгаа – Т᠂ Гомбожав

ᠪᠢ ᠰᠡᠭᠦᠳᠡᠷ ᠲᠠᠢ ᠪᠠᠨ – ᠲ ᠂ ᠭᠣᠮᠪᠣᠵᠠᠪ Би сүүдэртайгаа – Т᠂ Гомбожав

2023-04-19

240


        1 

  ᠪᠢ ᠰᠡᠭᠦᠲᠡᠷ ᠲᠡᠢ ᠪᠡᠨ ᠨᠢᠭᠡ ᠪᠤᠷᠬᠠᠨ ᠰᠢᠲᠦᠵᠦ 
  ᠪᠡᠶ᠎ᠡ ᠂ ᠬᠠᠷ᠎ᠠ ᠴᠠᠭᠠᠨ ᠬᠣᠶᠠᠷ ᠵᠦᠴᠦᠭᠡ ᠠᠮᠢᠲᠤᠷᠠᠯ ᠲᠠᠬᠢᠨ᠎ᠠ 
   
        2

 ᠰᠠᠬᠠᠯ ᠤᠷᠭᠤᠭᠰᠠᠨ ᠪᠣᠲᠣᠯ 
 ᠠᠭᠤᠯᠠ ᠳᠠᠷᠤᠭᠰᠠᠨ ᠰᠦᠷ 
 ᠥᠴᠥᠭᠡᠲᠦᠷ ᠬᠠᠭᠠᠰ ᠲᠩᠷᠢ ᠡᠵᠡᠯᠡᠵᠦ 
 ᠦᠨᠲᠦᠰᠦ ᠴᠢᠯᠠᠭᠤᠳ ᠦ᠋ᠨ ᠵᠠᠪᠰᠠᠷ ᠶ᠋ᠢᠠᠷ 
 ᠨᠣᠭᠣᠭᠠᠨ ᠲᠣᠣᠷ ᠰᠦᠯᠵᠢᠨ᠎ᠡ
 ᠲᠥᠷᠥᠭᠡᠲᠦᠢ ᠬᠡᠦᠬᠡᠳ ᠦ᠋ᠨ ᠵᠢᠰᠦ
 ᠵᠡᠭᠦᠲᠦ ᠭᠡᠢᠭᠦᠯᠦᠭᠰᠡᠨ ᠭᠡᠷᠡᠯ
 ᠮᠠᠷᠭᠠᠰᠢ ᠲᠠᠯ᠎ᠠ ᠬᠣᠷᠸ᠋᠎ᠠ ᠡᠵᠡᠩᠨᠡᠵᠦ
 ᠮᠠᠨᠠᠨ ᠴᠠᠪ ᠴᠡᠩᠬᠡᠷ ᠰᠢᠯᠦᠭ ᠦ᠋ᠨ ᠰᠠᠨᠠᠬ᠋᠎ᠠ ᠵᠣᠯᠠᠨ᠎ᠠ
                
       3

 ᠵᠡᠭᠦᠨ ᠮᠥᠷᠥ ᠪᠡᠨ ᠳᠠᠭᠠᠵᠤ
 ᠳᠡᠯᠡᠬᠡᠢ ᠡᠷᠭᠢᠨ
 ᠵᠡᠭᠦᠲᠦ ᠪᠦᠬᠦᠨ ᠂ ᠡᠭᠦᠲᠡ ᠪᠦᠬᠦᠨ ᠨᠠᠷᠠ ᠬᠦᠰᠡᠨ᠎ᠡ

 ᠭᠡᠷᠡᠯ ᠪᠠ ᠰᠡᠭᠦᠲᠡᠷ
 ᠬᠠᠪᠰᠤᠷᠤᠭᠰᠠᠨ ᠬᠣᠶᠠᠷ ᠠᠯᠠᠬ᠋᠎ᠠ
 ᠭᠡᠷ ᠡᠷᠦᠬᠡ ᠶ᠋ᠢ ᠵᠡᠭᠦᠨ ᠪᠠᠷᠠᠭᠤᠨ ᠡᠵᠢ ᠡᠴᠡ ᠨᠢ ᠲᠦᠰᠢᠨ᠎ᠡ
 ᠭᠡᠰᠡᠷ ᠨᠠᠪᠴᠢ ᠶ᠋ᠢ ᠳᠡᠭᠡᠷ᠎ᠡ ᠳᠣᠣᠷ᠎ᠠ ᠡᠴᠡ ᠨᠢ ᠬᠠᠪᠤᠵᠤ
 ᠪᠡᠶ᠎ᠡ ᠶ᠋ᠢ ᠮᠢᠨᠢ ᠤᠶ᠋ᠢᠴᠢᠭᠤᠯᠤᠯ ᠦᠭᠡᠢ
 ᠬᠡᠮ ᠳᠡᠭᠰᠢᠬᠡᠨ ᠠᠯᠬᠤᠭᠤᠯᠤᠨ᠎ᠠ

 ᠪᠠᠷᠠᠭᠤᠨ ᠮᠥᠷᠥ ᠪᠡᠨ ᠳᠠᠭᠠᠵᠤ
 ᠨᠠᠷᠠ ᠡᠷᠭᠢᠵᠦ
 ᠪᠠᠭᠠᠰᠢ ᠪᠦᠬᠦᠨ ᠂ ᠠᠭᠠᠰᠢ ᠪᠦᠬᠦᠨ ᠭᠡᠷᠡᠯ ᠲᠦᠰᠢᠨ᠎ᠡ 
         
        4

 ᠬᠠᠮᠤᠭ ᠬᠠᠮᠤᠭ ᠦ᠋ᠨ ᠬᠠᠶ᠋ᠢᠷᠠᠲᠠᠢ ᠶᠠᠭᠤᠮ᠎ᠠ
 ᠬᠠᠮᠤᠭ  ᠬᠠᠮᠤᠭ ‍ᠤᠨ ᠬᠣᠷᠣᠰᠤᠯᠲᠠᠢ ᠶᠠᠭᠤᠮ᠎ᠠ
 ᠬᠠᠨ᠎ᠠ ᠲᠦᠰᠢᠵᠦ ᠰᠠᠭᠤᠲᠠᠭ ᠪᠠᠶ᠋ᠢᠵᠢ ᠰᠢᠦ 
            
        5

 ᠶᠠᠭᠠᠬᠢᠯ᠎ᠠ ᠴᠦ᠍ ᠬᠡᠮᠡᠨ ᠲᠡᠭᠡᠵᠦ
 ᠰᠢᠯ ᠪᠥᠮᠪᠥᠭᠡ ᠨᠠᠷᠠᠨ ᠳᠤ ᠲᠣᠭᠯᠠᠬᠤ ᠶ᠋ᠢ ᠵᠡᠭᠦᠳᠦᠯᠡᠳᠡᠭ ᠪᠢᠯᠡ ᠪᠢ
 ᠶᠠᠭᠠᠬᠢᠯ᠎ᠠ ᠴᠦ᠍ ᠬᠡᠮᠡᠨ ᠢᠩᠭᠢᠵᠦ 
 ᠰᠢᠷᠭᠠᠯ ᠲᠤᠶᠠᠬ᠋᠎ᠠ ᠥᠪᠴᠢ ᠲᠤᠰᠬᠤ ᠶ᠋ᠢ ᠬᠦᠰᠡᠳᠡᠭ ᠪᠢᠯᠡ ᠪᠢ

        6 

 ᠣᠶ᠋ᠢᠯᠠᠭᠠᠭᠲᠠᠰᠢ ᠦᠭᠡᠢ ᠶ᠋ᠢᠨ ᠣᠶ᠋ᠢᠯᠠᠭᠠᠭᠲᠠᠰᠢ ᠦᠭᠡᠢ ᠣᠨᠢᠰᠣᠬ᠋᠎ᠠ ᠃
 ᠣᠨᠢᠰᠣ ᠪᠠ ᠲᠦᠯᠬᠢᠭᠦᠷ
 ᠪᠢ ᠰᠡᠭᠦᠲᠡᠷ ᠲᠡᠢ ᠪᠡᠨ ᠨᠢᠭᠡ ᠪᠤᠷᠬᠠᠨ ᠰᠢᠲᠦᠵᠦ ᠂
 ᠪᠡᠶ᠎ᠡ ᠂ ᠬᠠᠷ᠎ᠠ ᠴᠠᠭᠠᠨ ᠬᠣᠶᠠᠷ ᠵᠦᠴᠦᠭᠡ ᠠᠮᠢᠲᠤᠷᠠᠯ ᠲᠠᠬᠢᠨ᠎ᠠ ᠡ
                  1985 ᠂10

  ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃
       
     ᠲᠩᠷᠢ ᠡᠵᠢ ᠠᠮᠢᠯᠠᠭᠤᠯᠤᠨ ᠬᠠᠭᠤᠯᠪᠠ
        ᠬᠢᠨᠠᠭ᠍ᠴᠢ ᠄   ᠴᠣᠯᠮᠣᠬ᠍ᠲᠤᠶᠠᠭ᠎ᠠ  ᠪᠠᠭ᠍ᠰᠢ
           2023 ᠂ 4 ᠂18 ᠪ ᠡᠲᠦᠷ