ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ02-ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷМонгол ухааны эрихэн хэлхээ-чулуунбаатрын эрдэнэбаатар ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ02-ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷМонгол ухааны эрихэн хэлхээ-чулуунбаатрын эрдэнэбаатар

ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ02-ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷМонгол ухааны эрихэн хэлхээ-чулуунбаатрын эрдэнэбаатар

2023-04-19

325

ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ02

  ᠵᠣᠬᠢᠶᠠᠭᠴᠢ ᠄ ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷ 
ᠠᠪᠳᠠᠷ᠎ᠠ ᠳᠤᠤᠭᠠᠷᠬᠤ ᠳ᠋ᠤ᠌ ᠪᠡᠯᠭᠡᠰᠢᠶᠡᠳᠡᠭ 
ᠠᠮᠠᠨ ᠤ᠋ ᠪᠡᠯᠭᠡ ᠶ᠋ᠢ ᠮᠢᠯᠢᠶᠠᠳᠠᠭ 
ᠠᠷᠤᠭ ᠲᠦᠰᠢᠭᠦᠯᠵᠦ ᠲᠥᠷᠥᠭᠦᠯᠳᠡᠭ 
ᠠᠮᠤᠷᠯᠢᠩᠭᠤᠢ ᠮᠣᠩᠭᠣᠯ ᠤᠬᠠᠭᠠᠨ᠃ 

ᠡᠮ᠎ᠡ ᠬᠣᠨᠢ ᠶ᠋ᠢ ᠲᠣᠶ᠋ᠢᠭᠯᠠᠳᠠᠭ 
ᠡᠭᠡᠳᠡᠩ ᠭᠤᠲᠤᠯ ᠢ᠋ᠶ᠋ᠠᠨ ᠤᠷᠠᠯᠠᠳᠠᠭ 
ᠡᠷᠡᠬᠡᠢ ᠬᠤᠷᠤᠭᠤᠨ ᠳ᠋ᠤ᠌ ᠪᠠᠨ ᠢᠲᠡᠭᠡᠳᠡᠭ 
ᠢᠪᠢᠯᠳᠡᠭ ᠮᠣᠩᠭᠣᠯ ᠤᠬᠠᠭᠠᠨ᠃ 

ᠢᠳᠡᠭᠡ ᠤᠮᠳᠠᠭ᠎ᠠ ᠪᠠᠨ ᠳᠡᠭᠡᠵᠢᠯᠡᠳᠡᠭ
ᠢᠲᠡᠭᠡᠭᠰᠡᠨ ᠨᠥᠬᠥᠷ ᠲᠦ᠍ ᠪᠡᠨ ᠬᠡᠯᠡᠳᠡᠭ
ᠢᠩᠭᠡᠨ ᠲᠡᠮᠡᠭᠡ ᠪᠡᠨ ᠬᠥᠭᠡᠰᠦᠯᠡᠳᠡᠭ
ᠢᠪᠢᠯᠦᠭᠲᠡᠳᠡᠭ ᠮᠣᠩᠭᠣᠯ ᠤᠬᠠᠭᠠᠨ᠃

ᠮᠣᠩᠭᠣᠯ ᠴᠢᠰᠤ ᠪᠠᠨ ᠬᠠᠮᠠᠭᠠᠯᠠᠳᠠᠭ
ᠮᠣᠷᠢ ᠰᠢᠯᠭᠡᠭᠡᠬᠦ ᠳ᠋ᠦ᠍ ᠪᠠᠶᠠᠷᠯᠠᠳᠠᠭ
ᠮᠣᠯᠣᠷ ᠬᠦᠯᠦᠭ ᠢ᠋ᠶ᠋ᠡᠨ ᠰᠦᠯᠳᠡᠯᠡᠳᠡᠭ
ᠮᠣᠷᠢᠲᠠᠨ ᠮᠣᠩᠭᠣᠯ ᠤᠬᠠᠭᠠᠨ᠃

ᠭᠠᠷ ᠤ᠋ᠨ ᠰᠠᠯᠠᠭ᠎ᠠ ᠪᠠᠷ ᠥᠭᠳᠡᠭ ᠦᠭᠡᠢ
ᠭᠠᠵᠠᠷ ᠲᠤᠯᠵᠤ ᠪᠣᠰᠳᠠᠭ ᠦᠭᠡᠢ
ᠭᠠᠯ ᠳ᠋ᠤ᠌ ᠪᠠᠨ ᠶᠠᠰᠤ ᠲᠦᠯᠡᠳᠡᠭ ᠦᠭᠡᠢ
ᠭᠠᠷᠭᠠᠭᠤᠳ ᠮᠣᠩᠭᠣᠯ ᠤᠬᠠᠭᠠᠨ ᠃

ᠥᠷᠯᠥᠭᠡ ᠳᠠᠭᠤᠯᠠᠵᠤ ᠭᠢᠩᠰᠢᠳᠡᠭ ᠦᠭᠡᠢ
ᠡᠳᠦᠷ ᠢ᠋ᠶ᠋ᠡᠷ ᠡᠷᠦᠬᠡ ᠪᠡᠨ ᠪᠦᠲᠡᠭᠡᠳᠡᠭ ᠦᠭᠡᠢ
ᠡᠪᠦᠭᠡᠳ ᠦ᠋ᠨ ᠡᠮᠦᠨᠡᠭᠦᠷ ᠭᠠᠷᠳᠠᠭ ᠦᠭᠡᠢ
ᠥᠯᠵᠡᠶ᠋ᠢᠲᠦ ᠮᠣᠩᠭᠣᠯ ᠤᠬᠠᠭᠠᠨ᠃

ᠪᠠᠭᠠᠨ᠎ᠠ ᠲᠡᠪᠡᠷᠢᠵᠦ ᠵᠣᠭᠰᠣᠳᠠᠭ ᠦᠭᠡᠢ
ᠪᠠᠷᠠᠭᠤᠨ ᠮᠥᠷᠥ ᠪᠡᠨ ᠲᠦᠰᠢᠭᠦᠯᠳᠡᠭ ᠦᠭᠡᠢ
ᠪᠠᠭᠯᠠᠵᠤ ᠪᠣᠭᠣᠵᠤ ᠵᠥᠭᠡᠭᠡᠳᠡᠭ ᠦᠭᠡᠢ
ᠪᠠᠶᠠᠯᠢᠭ ᠮᠣᠩᠭᠣᠯ ᠤᠬᠠᠭᠠᠨ᠃

ᠨᠠᠭᠠᠴᠤ ᠶ᠋ᠢᠨ ᠳ᠋ᠦ᠍ ᠳᠠᠯᠤ ᠪᠠᠷᠢᠳᠠᠭ ᠦᠭᠡᠢ
ᠨᠠᠷᠠ ᠬᠬᠢᠷᠲᠦᠬᠦ ᠳ᠋ᠦ᠍ ᠨᠠᠶ᠋ᠢᠷᠯᠠᠳᠠᠭ ᠦᠭᠡᠢ
ᠨᠠᠮᠤᠷ ᠤ᠋ᠨ ᠮᠠᠯ ᠊ᠢ ᠲᠠᠭᠤᠳᠠᠭ ᠦᠭᠡᠢ
ᠨᠠᠶ᠋ᠢᠷᠰᠠᠭ ᠮᠣᠩᠭᠣᠯ ᠤᠬᠠᠭᠠᠨ᠃

ᠴᠠᠢ ᠶ᠋ᠢᠨ ᠳᠡᠭᠡᠵᠢ ᠪᠡᠨ ᠡᠷᠭᠦᠳᠡᠭ
ᠴᠠᠭ ᠤ᠋ᠨ ᠰᠠᠢᠬᠠᠨ ᠊ᠢ ᠡᠷᠬᠢᠮᠯᠡᠳᠡᠭ
ᠴᠠᠳᠢᠭ ᠲᠡᠦᠬᠡ ᠪᠡᠨ ᠥᠪᠯᠡᠭᠦᠯᠳᠡᠭ
ᠴᠠᠭᠯᠠᠰᠢ ᠦᠭᠡᠢ ᠮᠣᠩᠭᠣᠯ ᠤᠬᠠᠭᠠᠨ᠃

ᠠᠯᠠᠭ᠎ᠠ ᠵᠠᠭᠠᠲᠤᠨᠠᠪᠠᠰᠤ ᠪᠠᠶᠠᠷᠯᠠᠳᠠᠭ
ᠠᠳᠤᠭᠤᠨ ᠤ᠋ ᠬᠣᠮᠣᠯ ᠢ᠋ᠶ᠋ᠠᠷ ᠠᠷᠢᠭᠤᠯᠠᠳᠠᠭ
ᠠᠶᠠᠨ ᠤ᠋ ᠬᠦᠨᠡᠰᠦ ᠪᠡᠨ ᠬᠤᠪᠢᠶᠠᠯᠴᠠᠳᠠᠭ
ᠠᠬᠤᠶ᠋ᠢᠯᠢᠬ ᠮᠣᠩᠭᠣᠯ ᠤᠬᠠᠭᠠᠨ᠃

ᠮᠡᠨᠳᠦ ᠰᠣᠯᠢᠯᠴᠠᠵᠤ ᠶᠠᠷᠢᠯᠴᠠᠳᠠᠭ
ᠮᠡᠩᠭᠡ ᠰᠠᠭᠤᠳᠠᠯ ᠢ᠋ᠶ᠋ᠠᠨ ᠵᠠᠰᠠᠭᠤᠯᠳᠠᠭ
ᠮᠡᠲᠡᠭᠡᠯᠴᠡᠭᠡᠨ ᠦᠭᠡ ᠪᠡᠷ ᠳᠠᠭᠠᠷᠢᠯᠴᠠᠳᠠᠭ
ᠮᠡᠷᠭᠡᠨ ᠮᠣᠩᠭᠣᠯ ᠤᠬᠠᠭᠠᠨ᠃

ᠬᠦᠢ ᠶ᠋ᠢ ᠴᠦᠭᠯᠡᠬᠦ ᠪᠡᠷ ᠬᠠᠳᠠᠭᠠᠯᠠᠳᠠᠭ
ᠬᠦᠷᠡᠯ ᠰᠤᠮᠤ ᠪᠠᠷ ᠬᠠᠮᠠᠭᠠᠯᠠᠳᠠᠭ
ᠬᠡᠦᠬᠡᠳ ᠦ᠋ᠨ ᠰᠡᠪᠡᠯᠭᠡ ᠶ᠋ᠢ ᠦᠷᠭᠦᠭᠡᠳᠡᠭ
ᠬᠥᠮᠦᠨᠯᠢᠭ ᠮᠣᠩᠭᠣᠯ ᠤᠬᠠᠭᠠᠨ᠃

ᠬᠤᠷᠤᠭᠤ ᠪᠠᠨ ᠴᠢᠴᠢᠵᠦ ᠶᠠᠷᠢᠳᠠᠭ ᠦᠭᠡᠢ
ᠬᠢᠮᠤᠰᠤ ᠪᠠᠨ ᠰᠥᠨᠢ ᠠᠪᠳᠠᠭ ᠦᠭᠡᠢ
ᠬᠢᠲᠤᠭ᠎ᠠ ᠶ᠋ᠢ ᠢᠷ ᠢ᠋ᠶ᠋ᠡᠷ ᠢᠨᠤ ᠥᠭᠳᠡᠭ ᠦᠭᠡᠢ
ᠬᠤᠷᠴᠠ ᠮᠣᠩᠭᠣᠯ ᠤᠬᠠᠭᠠᠨ᠃

ᠮᠠᠯᠠᠭᠠᠢ ᠶ᠋ᠢ ᠳᠡᠭᠡᠭᠰᠢ ᠬᠠᠷᠠᠭᠤᠯᠳᠠᠭ ᠦᠭᠡᠢ
ᠮᠠᠨᠴᠤᠢ ᠲᠠᠢ ᠨᠢᠯᠬᠠᠰ ᠢ᠋ᠶ᠋ᠠᠨ ᠬᠥᠯᠰᠡᠭᠡᠳᠡᠭ ᠦᠭᠡᠢ
ᠮᠠᠯ ᠤ᠋ᠨ ᠪᠤᠶᠠᠨ ᠢ᠋ᠶ᠋ᠠᠨ ᠪᠠᠷᠠᠳᠠᠭ ᠦᠭᠡᠢ
ᠮᠠᠳᠠᠭ ᠦᠭᠡᠢ ᠮᠣᠩᠭᠣᠯ ᠤᠬᠠᠭᠠᠨ ᠃

ᠮᠣᠷᠢᠨ ᠤ᠋ ᠲᠣᠯᠣᠭᠠᠢ ᠤᠷᠤᠭᠤ ᠵᠣᠳᠣᠳᠠᠭ ᠦᠭᠡᠢ
ᠮᠣᠭᠠᠢ ᠶ᠋ᠢᠨ ᠴᠢᠭᠤᠯᠭ᠎ᠠ ᠶ᠋ᠢ ᠦᠷᠭᠦᠭᠡᠳᠡᠭ ᠦᠭᠡᠢ
ᠮᠣᠳᠣ ᠶ᠋ᠢ ᠨᠣᠶ᠋ᠢᠲᠠᠨ ᠢ᠋ᠶ᠋ᠠᠷ ᠠᠨᠤ ᠣᠭᠲᠣᠯᠳᠠᠭ ᠦᠭᠡᠢ
ᠮᠣᠬᠣᠰᠢ ᠦᠭᠡᠢ ᠮᠣᠩᠭᠣᠯ ᠤᠬᠠᠭᠠᠨ᠃

ᠪᠢᠯᠡᠭᠦᠦ ᠶ᠋ᠢ ᠪᠠᠷᠢᠭᠤᠯᠵᠤ ᠥᠭᠳᠡᠭ ᠦᠭᠡᠢ
ᠪᠢᠲᠡᠭᠦᠨ ᠳ᠋ᠦ᠍ ᠠᠶ᠋ᠢᠯ ᠳ᠋ᠤ᠌ ᠬᠣᠨᠣᠳᠠᠭ ᠦᠭᠡᠢ
ᠪᠡᠯᠭᠡ ᠦᠭᠡᠢ ᠦᠭᠡ ᠬᠡᠯᠡᠯᠴᠡᠳᠡᠭ ᠦᠭᠡᠢ
ᠪᠢᠯᠢᠭᠦᠨ ᠮᠣᠩᠭᠣᠯ ᠤᠬᠠᠭᠠᠨ᠃

ᠮᠠᠯ ᠰᠦᠷᠦᠭ ᠢ᠋ᠶ᠋ᠡᠨ ᠰᠢᠨᠡᠯᠡᠭᠦᠯᠳᠡᠭ
ᠮᠠᠨᠤᠤᠬᠠᠢ ᠪᠤᠰᠬᠠᠭᠠᠳ ᠵᠠᠶ᠋ᠢᠯᠠᠭᠤᠯᠳᠠᠭ
ᠮᠢᠬ᠎ᠠ ᠪᠠᠨ ᠪᠣᠷᠴᠠᠯᠠᠵᠤ ᠬᠠᠲᠠᠭᠠᠳᠠᠭ
ᠮᠠᠯᠴᠢᠨ ᠮᠣᠩᠭᠣᠯ ᠤᠬᠠᠭᠠᠨ᠃

ᠳᠡᠭᠡᠰᠦ ᠡᠷᠴᠢᠯᠡᠵᠦ ᠲᠠᠮᠤᠳᠠᠭ
ᠳᠡᠭᠡᠪᠦᠷ ᠲᠤᠭᠤᠷᠭ᠎ᠠ ᠪᠠᠨ ᠬᠥᠪᠡᠭᠡᠯᠡᠳᠡᠭ
ᠳᠡᠭᠡᠵᠢᠯᠡᠬᠦ ᠳ᠋ᠦ᠍ ᠪᠡᠨ ᠮᠠᠯᠠᠭᠠᠢ ᠡᠮᠦᠰᠳᠡᠭ
ᠳᠡᠯᠭᠡᠷ ᠮᠣᠩᠭᠣᠯ ᠤᠬᠠᠭᠠᠨ᠃

ᠲᠣᠪᠴᠢ ᠵᠠᠩᠭᠢᠳᠴᠤ ᠪᠥᠬᠡᠯᠡᠳᠡᠭ
ᠲᠣᠢᠭ᠋ ᠮᠥᠯᠵᠢᠭᠦᠯᠵᠦ ᠬᠠᠶᠠᠭᠤᠯᠳᠠᠭ
ᠲᠣᠬᠣᠮ ᠤ᠋ᠨ ᠬᠥᠯᠥᠰᠥ ᠶ᠋ᠢ ᠰᠢᠩᠭᠡᠭᠡᠳᠡᠭ
ᠲᠣᠭᠲᠠᠬᠤ ᠮᠣᠩᠭᠣᠯ ᠤᠬᠠᠭᠠᠨ᠃

ᠤᠭᠠᠯᠵᠠ ᠬᠡ ᠶ᠋ᠢ ᠰᠡᠶ᠋ᠢᠯᠳᠡᠭ
ᠤᠭᠯᠠᠭᠤᠷ ᠭᠠᠷᠭᠠᠵᠤ ᠪᠥᠬᠡᠯᠡᠳᠡᠭ
ᠤᠲᠠᠰᠤ ᠣᠷᠢᠶᠠᠵᠤ ᠳᠠᠷᠬᠠᠯᠠᠳᠠᠭ
ᠤᠷᠠᠨ ᠮᠣᠩᠭᠣᠯ ᠤᠬᠠᠭᠠᠨ᠃

ᠪᠡᠯᠡᠭ ᠦ᠋ᠨ ᠮᠣᠷᠢ ᠶ᠋ᠢ ᠰᠢᠳᠦᠯᠡᠳᠡᠭ ᠦᠭᠡᠢ
ᠪᠡᠯᠡᠳᠴᠦ ᠵᠡᠬᠡᠵᠦ ᠲᠠᠯᠪᠢᠳᠠᠭ ᠦᠭᠡᠢ
ᠪᠡᠯᠡᠨ ᠠᠮᠠᠯᠠᠵᠤ ᠬᠢᠳᠡᠭ ᠦᠭᠡᠢ
ᠪᠠᠯᠲᠠᠢ ᠮᠣᠩᠭᠣᠯ ᠤᠬᠠᠭᠠᠨ᠃

ᠠᠯᠠᠭᠠᠨ ᠤ᠋ ᠵᠢᠷᠤᠭᠠᠰᠤ ᠪᠠᠨ ᠬᠠᠷᠠᠭᠤᠯᠳᠠᠭ ᠦᠭᠡᠢ
ᠠᠮᠠ ᠠᠯᠳᠠᠵᠤ ᠪᠣᠯᠳᠠᠭ ᠦᠭᠡᠢ
ᠠᠶᠤᠩᠭ᠎ᠠ ᠪᠣᠷᠣᠭᠠᠨ ᠳ᠋ᠤ᠌ ᠭᠦᠶᠦᠳᠡᠭ ᠦᠭᠡᠢ
ᠠᠨᠲᠠᠭᠠᠶ᠋ᠢᠲᠤ ᠮᠣᠩᠭᠣᠯ ᠤᠬᠠᠭᠠᠨ᠃

ᠡᠮᠲᠡᠷᠬᠡᠢ ᠠᠶᠠᠭᠠᠨ ᠳ᠋ᠤ᠌ ᠴᠠᠶ᠋ᠢᠯᠠᠲᠠᠭ ᠦᠭᠡᠢ
ᠡᠷᠭᠢᠨᠡᠭ ᠨᠠᠯᠠᠵᠤ ᠵᠣᠭᠰᠣᠳᠠᠭ ᠦᠭᠡᠢ
ᠡᠮᠡᠭᠡᠯ ᠢ᠋ᠶ᠋ᠡᠨ ᠭᠠᠳᠠᠭ᠎ᠠ ᠬᠣᠨᠣᠭᠤᠯᠳᠠᠭ ᠦᠭᠡᠢ
ᠡᠶᠡᠯᠳᠡᠭ ᠮᠣᠩᠭᠣᠯ ᠤᠬᠠᠭᠠᠨ᠃

ᠬᠡᠴᠡᠨ ᠳᠣᠣᠭᠤᠷ ᠭᠠᠷᠳᠠᠭ ᠦᠭᠡᠢ
ᠭᠡᠭᠡᠭᠰᠡᠨ ᠳᠡᠭᠡᠰᠦ ᠶ᠋ᠢ ᠠᠪᠳᠠᠭ ᠦᠭᠡᠢ
ᠭᠡᠷ ᠦ᠋ᠨ ᠬᠠᠶᠠᠭ᠎ᠠ ᠪᠠᠷ ᠱᠠᠭᠠᠶ᠋ᠢᠳᠠᠭ ᠦᠭᠡᠢ
ᠭᠡᠭᠡᠭᠳᠡᠰᠢ ᠦᠭᠡᠢ ᠮᠣᠩᠭᠣᠯ ᠤᠬᠠᠭᠠᠨ᠃

ᠣᠨᠢᠰᠣᠭ᠎ᠠ ᠵᠣᠬᠢᠶᠠᠵᠤ ᠲᠠᠭᠠᠯᠴᠠᠳᠠᠭ
ᠣᠨᠢᠰᠣᠭ᠎ᠠ ᠲᠣᠭᠯᠠᠭᠠᠮ ᠲᠠᠶ᠋ᠢᠯᠳᠠᠭ
ᠣᠯᠪᠣᠭ ᠲᠤ᠌ ᠱᠠᠭ᠎ᠠ ᠨᠠᠭᠠᠳᠳᠠᠭ
ᠣᠨᠴᠣᠭᠣᠢ ᠮᠣᠩᠭᠣᠯ ᠤᠬᠠᠭᠠᠨ᠃

ᠲᠠᠯᠤᠨ ᠤ᠋ ᠶᠠᠰᠤ ᠪᠠᠷ ᠮᠡᠷᠭᠡᠯᠡᠳᠡᠭ
ᠳᠠᠯᠠᠯᠭ᠎ᠠ ᠶ᠋ᠢᠨ ᠤᠭᠤᠲᠠ ᠪᠠᠷ ᠬᠤᠷᠤᠶ᠋ᠢᠯᠠᠳᠠᠭ
ᠳᠠᠪᠠᠭᠠᠨ ᠳ᠋ᠤ᠌ ᠭᠠᠷᠤᠭᠠᠳ ᠰᠦᠰᠦᠭᠯᠡᠳᠡᠭ
ᠳᠠᠯᠳᠠ ᠮᠣᠩᠭᠣᠯ ᠤᠬᠠᠭᠠᠨ᠃

ᠦᠭᠡ ᠬᠡᠯᠡ ᠪᠡᠨ ᠪᠠᠶᠠᠵᠢᠭᠤᠯᠳᠠᠭ
ᠦᠰᠦᠭ ᠪᠢᠴᠢᠭ ᠢ᠋ᠶ᠋ᠡᠨ ᠬᠠᠮᠠᠭᠠᠯᠠᠳᠠᠭ
ᠦᠷ᠎ᠡ ᠤᠳᠤᠮ ᠢ᠋ᠶ᠋ᠠᠨ ᠦᠯᠡᠳᠡᠭᠡᠳᠡᠭ
ᠦᠨᠳᠦᠰᠦ ᠲᠡᠢ ᠮᠣᠩᠭᠣᠯ ᠤᠬᠠᠭᠠᠨ᠃

ᠤᠷᠮ᠎ᠠ ᠶ᠋ᠢᠨ ᠦᠭᠡ ᠪᠡᠷ ᠲᠡᠳᠬᠦᠳᠡᠭ
ᠤᠷᠲᠤ ᠶ᠋ᠢᠨ ᠳᠠᠭᠤᠤ ᠪᠠᠨ ᠰᠢᠷᠤᠩᠬᠠᠶ᠋ᠢᠯᠠᠲᠠᠭ
ᠤᠭᠤᠴᠠ ᠰᠢᠭᠦᠰᠦ ᠪᠡᠨ ᠵᠠᠰᠠᠳᠠᠭ
ᠠᠭᠤᠵᠢᠮ ᠮᠣᠩᠭᠣᠯ ᠤᠬᠠᠭᠠᠨ᠃

ᠵᠠᠮ ᠬᠥᠨᠳᠡᠯᠡᠨ ᠣᠭᠲᠣᠯᠳᠠᠭ ᠦᠭᠡᠢ
ᠵᠠᠳᠠᠭᠠᠢ ᠡᠩᠭᠡᠷ ᠲᠡᠢ ᠮᠡᠨᠳᠦᠯᠡᠳᠡᠭ ᠦᠭᠡᠢ
ᠵᠠᠬ᠎ᠠ ᠬᠡᠯᠲᠡᠬᠡᠢ ᠲᠣᠪᠴᠢᠯᠠᠳᠠᠭ ᠦᠭᠡᠢ
ᠵᠠᠯᠭᠠᠮᠵᠢᠯᠠᠬᠤ ᠮᠣᠩᠭᠣᠯ ᠤᠬᠠᠭᠠᠨ᠃

ᠲᠡᠷᠯᠢᠭ ᠮᠥᠷᠥᠯᠡᠵᠦ ᠨᠥᠮᠥᠷᠳᠡᠭ ᠦᠭᠡᠢ
ᠲᠡᠷᠢᠭᠦᠨ ᠢ᠋ᠶ᠋ᠡᠨ ᠳᠣᠷᠣᠭᠰᠢ ᠭᠤᠲᠤᠶ᠋ᠢᠯᠭᠠᠲᠠᠭ ᠦᠭᠡᠢ
ᠲᠡᠪᠡᠨᠡ ᠶ᠋ᠢᠨ ᠦᠵᠦᠭᠦᠷ ᠢ᠋ᠶ᠋ᠡᠷ ᠴᠢᠴᠢᠳᠡᠭ ᠦᠭᠡᠢ
ᠲᠩᠷᠢᠯᠢᠭ ᠮᠣᠩᠭᠣᠯ ᠤᠬᠠᠭᠠᠨ᠃

  ᠦᠰᠦᠭ ᠠᠮᠢᠯᠠᠭᠤᠯᠤᠭᠴᠢ ᠄ ᠰᠡᠴᠡᠨᠴᠢᠮᠡᠭ
  ᠬᠢᠨᠠᠭᠴᠢ ᠄ᠣᠳᠬᠠᠨᠰᠸ᠎ᠠ᠂ ᠪᠠᠶᠠᠷᠴᠡᠴᠡᠭ